题名 |
ᠬᠠᠰᠠᠷ ᠤᠨ ᠬᠤᠢ᠌ᠴᠢᠰ ᠰᠸ ᠤᠩ ᠯᠤᠭᠠᠳᠠᠮᠤᠷ ᠬᠢᠭᠡᠳ 《 ᠬᠤᠶᠠᠷ ᠨᠡᠢ᠌ᠰᠯᠡᠯ ᠤᠨ ᠲᠠᠢ᠌ᠨ 》 ᠤ ᠲᠤᠬᠠᠢ ᠲᠤᠭᠳᠠᠮ ᠰᠢᠨᠵᠢᠯᠡᠭᠡ |
作者 |
ᠪᠤ • ᠰᠠᠢ᠌ᠵᠢᠷᠠᠬᠤ |
关键词 |
ᠬᠠᠰᠠᠷ ᠤᠨ ᠬᠤᠢ᠌ᠴᠢᠰ; ᠰᠸᠢ ᠤᠩ ᠯᠤᠭᠠᠳᠠᠮᠤᠷ; ᠬᠤᠶᠠᠷ ᠨᠡᠢ᠌ᠰᠯᠡᠯ ᠤᠨ ᠲᠠᠢ᠌ᠨ; ᠬᠠᠭᠠᠨ ᠤᠷᠤ ᠶᠢᠨ ᠲᠡᠮᠡᠴᠡᠯ |
摘要 |
ᠡᠷᠳᠡᠨ ᠤ ᠮᠤᠩᠭ᠋ᠤᠯ ᠤᠨ ᠤᠯᠤᠰ ᠲᠦᠷᠦ ᠶᠢᠨ ᠲᠡᠮᠡᠴᠡᠯ ᠤᠨ ᠲᠡᠦᠬᠡᠨ ᠳᠤ ᡁᠢ ᠾᠸ ᠶᠢᠨ ᠲᠡᠷᠢᠭᠦᠨ ᠤᠨ ᠤ ᠡᠭᠦᠰᠦᠭᠰᠡᠨ ᠦᠨ ᠤᠯᠤᠰ ᠤᠨ ᠤᠯᠤᠰ ᠲᠦᠷᠦ ᠶᠢᠨ ᠡᠷᠭᠡ ᠶᠢᠨ ᠲᠡᠮᠡᠴᠡᠯ ᠶᠢᠡᠷ ᠭᠤᠤᠯ ᠠᠭᠤᠯᠭ᠎ᠠ ᠪᠤᠯᠭᠠᠭᠰᠠᠨ ᠬᠠᠭᠠᠨ ᠰᠠᠭᠤᠷᠢᠨ ᠢ ᠪᠤᠯᠢᠶᠠᠯᠳᠤᠭᠰᠠᠨ 《 ᠬᠤᠠᠶᠷ ᠨᠡᠢ᠌ᠰᠯᠡᠯ ᠤᠨ ᠲᠠᠢ᠌ᠨ》 ᠢ ᠲᠤᠷᠠᠳᠬᠤ ᠶᠤᠰᠤᠳᠠᠢ᠃ ᠡᠨᠡ ᠲᠠᠢ᠌ᠨ ᠨᠢ ᠲᠤᠬᠠᠢ ᠶᠢᠨ ᠦᠶ᠎ᠡ ᠶᠢᠨ ᠮᠤᠩᠭ᠋ᠤᠯ ᠤᠨ ᠬᠠᠭᠠᠨ ᠤᠷᠤ ᠶᠢᠨ ᠲᠡᠮᠡᠴᠡᠯ ᠤᠨ ᠨᠠᠷᠢᠨ ᠪᠤᠳᠤᠯᠢᠶᠠᠨ ᠲᠠᠢ ᠴᠢᠨᠠᠷ ᠢ ᠲᠤᠰᠬᠠᠵᠤ ᠪᠠᠢ᠌ᠳᠠᠭ᠃ ᠲᠤᠰ ᠲᠠᠢ᠌ᠨ ᠤ ᠬᠤᠭᠤᠴᠠᠭᠠᠨ ᠳᠤ ᠬᠠᠰᠠᠷ ᠤᠨ ᠬᠤᠢ᠌ᠴᠢᠰ ᠰᠸᠢ ᠤᠩ ᠯᠤᠭᠠᠳᠠᠮᠤᠷ ᠲᠠᠢ᠌ᠳᠤ ᠶᠢᠨ ᠲᠠᠯ᠎ᠠ ᠶᠢ ᠬᠦᠴᠦᠳᠡᠢ ᠲᠡᠮᠵᠢᠵᠦ ᠴᠢᠬᠤᠯᠠ ᠦᠢᠯᠡᠳᠦᠯ ᠦᠵᠡᠭᠦᠯᠵᠦ ᠪᠠᠢ᠌ᠭᠰᠠᠨ ᠪᠦᠭᠡᠳ ᠲᠡᠭᠦᠨ ᠤ ᠦᠢᠯᠡ ᠠᠵᠢᠯᠯᠠᠭ᠎ᠠ ᠨᠢ ᠲᠠᠢ᠌ᠨ ᠤ ᠢᠯᠠᠵᠤ ᠢᠯᠠᠭᠳᠠᠬᠤ ᠪᠦᠬᠦᠢ᠌ᠯᠡ ᠦᠢᠯᠡ ᠬᠡᠷᠡᠭ ᠲᠠᠢ ᠬᠤᠯᠪᠤᠭᠳᠠᠵᠤ ᠪᠠᠢ᠌ᠳᠠᠭ᠃ ᠯᠤᠭᠠᠳᠠᠮᠤᠷ ᠪᠤᠯᠤᠨ ᠲᠡᠭᠦᠨ ᠤ ᠬᠤᠢ᠌ᠴᠢᠰ ᠨᠢ《 ᠬᠤᠶᠠᠷ ᠨᠡᠢ᠌ᠰᠯᠡᠯ ᠤᠨ ᠲᠠᠢ᠌ᠨ》 ᠤ ᠰᠢᠭᠤᠳ ᠪᠤᠶᠤ ᠲᠠᠮ ᠤᠨ ᠦᠷ᠎ᠡ ᠨᠦᠯᠦᠭᠡᠨ ᠲᠤᠤᠷ᠎ᠠ ᠦᠪᠡᠷ ᠤᠨ ᠬᠠᠷᠢᠶᠠᠳᠤ ᠨᠤᠳᠤᠭ ᠤᠨ ᠬᠦᠷᠢᠶ᠎ᠡ ᠬᠡᠪᠴᠢᠶ᠎ᠡ ᠪᠠᠨ ᠦᠷᠭᠡᠳᠭᠡᠵᠦ ᠪᠠᠢ᠌ᠭᠰᠠᠨ ᠶᠤᠮ᠃ |
原文 |
查看原文
|
出自 |
中国蒙古学
2016年
第1期
|