摘要 |
ᠲᠠᠪᠠᠭᠠᠴᠠ ᠪᠣᠯ ᠲᠡᠦᠬᠡᠨ ᠲᠡᠭᠡᠷ ᠡ ᠨᠦᠯᠦᠭᠡ ᠶᠡᠬᠡ ᠲᠠᠢ ᠰᠢᠶᠠᠨᠪᠢ ᠤᠭᠰᠠᠭᠠᠲᠠᠨ ᠤ ᠴᠢᠬᠤᠯᠠ ᠪᠦᠷᠢᠯᠳᠦᠭᠦᠨ ᠪᠣᠯᠬᠤ ᠶᠣᠮ᠃ ᠬᠦᠮᠦᠰ ᠶᠡᠷᠦ ᠳᠡᠭᠡᠨ ᠲᠠᠪᠠᠭᠠᠴᠠ ᠰᠢᠶᠠᠨᠪᠢ ᠭᠡᠵᠦ ᠰᠢᠶᠠᠨᠪᠢ ᠤᠭᠰᠠᠭᠠᠨ ᠤ ᠠᠢᠢᠮᠠᠭ ᠢ ᠨᠡᠷᠡᠯᠡᠳᠡᠭ᠃ ᠲᠠᠪᠠᠭᠠᠴᠠ ᠰᠢᠶᠠᠨᠪᠢ ᠨᠠᠷ ᠲᠤᠮᠳᠠᠳᠤ ᠤᠯᠤᠰ ᠤᠨ ᠤᠮᠠᠷᠠᠲᠤ ᠣᠷᠤᠨ ᠢ ᠨᠢᠭᠡᠳᠭᠡᠵᠦ᠂ ᠤᠮᠡᠷᠡᠳᠤ ᠸᠸᠢ ᠤᠯᠤᠰ ᠢ ᠪᠠᠢᠢᠭᠤᠯᠤᠭᠰᠠᠨ ᠤᠴᠢᠷ ᠡᠴᠡ《 ᠲᠠᠪᠠᠭᠠᠴᠠ》ᠭᠡᠳᠡᠭ ᠨᠢ ᠬᠢᠲᠠᠳ ᠭᠠᠵᠠᠷ ᠣᠷᠤᠨ ᠤ ᠶᠡᠷᠦᠩᠬᠡᠢ ᠨᠡᠷᠡᠢᠢᠳᠦᠯ ᠪᠣᠯᠵᠤ᠂ ᠲᠣᠲᠤᠭᠠᠳᠤ ᠭᠠᠳᠠᠭᠠᠳᠤ ᠳᠤ ᠠᠯᠳᠠᠷᠰᠢᠪᠠ᠃ ᠤᠮᠠᠷᠠᠳᠤ ᠸᠸᠢ ᠤᠯᠤᠰ ᠪᠠᠢᠢᠭᠤᠯᠤᠭᠳᠠᠬᠤ ᠡᠴᠡ ᠠᠮᠦᠨᠡᠬᠢ ᠦᠶ ᠡ ᠶᠢᠨ ᠡᠭᠦᠰᠦᠯ᠂ ᠰᠢᠯᠵᠢᠯ ᠨᠡᠭᠦᠳᠡᠯᠡᠯᠲᠡ ᠨᠢ ᠲᠠᠪᠠᠭᠠᠴᠠ ᠠᠢᠢᠮᠠᠭ ᠤᠨ ᠦᠰᠦᠨ ᠪᠣᠢᠢᠵᠢᠵᠤ ᠮᠠᠨᠳᠤᠨ ᠲᠡᠭᠵᠢᠷᠡᠭᠰᠡᠨ ᠦᠩᠭᠡᠷᠡᠯᠲᠡ ᠮᠦᠨ ᠪᠠᠢᠢᠵᠤ᠂ ᠡᠨᠡ ᠨᠢ ᠨᠢᠭᠡᠨ ᠦᠶ ᠡ ᠤᠮᠠᠷᠠᠲᠤ ᠣᠷᠤᠨ ᠢ ᠡᠵᠡᠷᠬᠡᠭ᠍ᠯᠡᠨ ᠵᠠᠬᠢᠷᠤᠭᠰᠠᠨ ᠬᠦᠴᠦᠷᠭᠡᠭ᠌ ᠬᠠᠭᠠᠨᠲᠤ ᠲᠦᠷᠦ ᠪᠣᠯᠵᠤ ᠬᠦᠭ᠍ᠵᠢᠬᠦ ᠳᠤ ᠰᠠᠭᠤᠷᠢ ᠵᠢ ᠲᠠᠪᠢᠭᠰᠠᠨ ᠴᠠᠭ ᠦᠶ ᠡ ᠪᠣᠯᠤᠭᠰᠠᠨ ᠪᠦᠭᠡᠳ ᠲᠠᠪᠠᠭᠠᠴᠠ ᠰᠢᠶᠠᠨᠪᠢᠴᠤᠳ ᠤᠨ ᠡᠬᠢᠨ ᠤ ᠱᠠᠳᠤ ᠦᠶ ᠡ ᠪᠣᠯᠬᠤ ᠶᠣᠮ᠃ |