摘要 |
ᠲᠡᠭᠡᠷ ᠡ ᠵᠠᠭᠤᠨ ᠤ 80 ᠌ᠭᠠᠳ ᠣᠨ ᠤ ᠡᠬᠢᠨ ᠳᠤ ᠦᠪᠦᠷ ᠮᠣᠩᠭ᠋ᠤᠯ ᠤᠨ ᠪᠠᠭᠠᠴᠤᠳ ᠬᠡᠦᠬᠡᠳ ᠤᠨ ᠬᠡᠪᠯᠡᠯ ᠤᠨ ᠬᠣᠷᠢᠶ ᠠ ᠡᠴᠡ ᠬᠡᠪᠯᠡᠭᠰᠡᠨ《ᠪᠠᠶᠠᠨ》ᠭᠡᠬᠦ ᠨᠣᠮ ᠳᠤ ᠶᠣᠸᠠᠨ ᠤᠯᠤᠰ ᠤᠨ ᠰᠠᠢᠢᠳ ᠪᠠᠶᠠᠨ ᠢ ᠪᠠᠭᠠᠷᠢᠨ ᠠᠢᠮᠠᠭ ᠤᠨ ᠬᠦᠮᠦᠨ ᠭᠡᠵᠦ ᠨᠤᠲᠠᠯᠠᠵᠠᠢ᠃ ᠡᠭᠦᠨ ᠡᠴᠡ ᠪᠣᠯᠵᠤ ᠣᠷᠴᠢᠮ ᠤᠨ ᠵᠢᠯ ᠡᠴᠡ ᠪᠠᠭᠠᠷᠢᠨ ᠤ ᠲᠡᠦᠬᠡ ᠮᠠᠲ᠋ᠸᠷᠢᠶᠠᠯ ᠳᠤ ᠪᠠᠶᠠᠨ ᠢ ᠪᠠᠭᠠᠷᠢᠨ ᠬᠤᠰᠢᠭᠤ ᠶᠢᠨ ᠬᠦᠮᠦᠨ ᠪᠣᠯᠭᠠᠵᠤ ᠨᠣᠮ ᠪᠢᠴᠢᠭ᠌ ᠬᠡᠪᠯᠡᠨ ᠬᠦᠮᠦᠰ ᠢ ᠬᠦᠩᠭᠡᠨ ᠬᠠᠭᠤᠳᠠᠮ ᠢᠶᠷ ᠢᠲᠡᠭᠡᠭᠦᠯᠵᠦ ᠤᠯᠠᠮᠵᠢᠯᠠᠭᠤᠯᠬᠤ ᠪᠣᠯᠵᠤ ᠪᠣᠢ᠃ ᠦᠨᠡᠨ ᠳᠡᠭᠡᠨ ᠪᠠᠶᠠᠨ ᠬᠢᠭᠡᠳ ᠰᠣᠪᠬᠠᠢ ᠬᠣᠶᠠᠷ ᠬᠦᠮᠦᠨ ᠬᠠᠷᠢᠯᠴᠢᠨ ᠴᠢᠰᠤᠨ ᠲᠦᠷᠦᠯ ᠤᠨ ᠬᠠᠷᠢᠴᠠᠭ᠎ᠠ ᠦᠭᠡᠢ᠂ ᠪᠠᠶᠠᠨ ᠪᠣᠯᠪᠠᠰᠤ ᠪᠠᠭᠠᠷᠢᠨ ᠣᠪᠤᠭᠲᠠᠨ ᠤ ᠲᠡᠭᠡᠳᠦᠰ ᠪᠣᠲᠠᠨᠴᠢᠷ ᠤᠨ ᠣᠯᠵᠠᠯᠠᠭᠰᠠᠨ ᠡᠮ ᠡ ᠲᠦᠷᠦᠭᠰᠡᠨ ᠪᠠᠭᠠᠷᠢᠲᠠᠢ ᠶᠢᠨ ᠬᠣᠢᠢᠴᠢᠰ ᠪᠣᠯᠤᠨ᠎ᠠ᠂ ᠰᠣᠪᠬᠠᠢ ᠪᠣᠯ ᠪᠣᠲᠠᠨᠴᠢᠷ ᠤᠨ ᠭᠤᠤᠯ ᠬᠠᠲᠤᠨ ᠡᠴᠡ ᠵᠠᠶᠠᠭᠠᠭᠰᠠᠨ ᠬᠠᠪᠢᠴᠢ ᠪᠠᠭᠠᠲᠤᠷ ᠤᠨ ᠬᠣᠢᠴᠢᠰ᠂ ᠪᠣᠷᠵᠢᠭᠢᠨ ᠣᠪᠤᠭᠲᠠᠨ ᠪᠣᠯᠤᠨ᠎ᠠ᠃ ᠲᠡᠷᠡ ᠮᠦᠷᠲᠡᠭᠡᠨ ᠰᠣᠪᠬᠠᠢ ᠶᠢᠨ ᠦᠪᠡᠷ ᠤᠨ ᠠᠢᠮᠠᠭ ᠤᠨ ᠨᠡᠷ ᠠ ᠨᠢ ᠴᠡᠷᠢᠭ ᠤᠨ ᠪᠠᠢᠢᠷᠢ ᠶᠢᠨ ᠪᠠᠢᠢᠷᠢᠨ ᠪᠣᠯᠬᠤ ᠡᠴᠡ ᠪᠢᠰᠢ᠂ ᠣᠳᠤᠬᠠᠨ ᠤ ᠪᠠᠭᠠᠷᠢᠨ ᠣᠪᠤᠭ ᠤᠨ ᠪᠠᠭᠠᠷᠢᠨ ᠪᠢᠰᠢ᠂ᠵᠦᠪᠬᠡᠨ《ᠪᠠᠢᠢᠷᠢᠨ ᠢ ᠴᠢᠩ ᠤᠯᠤᠰ ᠤᠨ ᠪᠦᠷᠢᠨᠲᠦ ᠵᠠᠰᠠᠭᠴᠢ ᠶᠢᠨ ᠤᠨ ᠡᠴᠡ ᠡᠬᠢᠯᠡᠵᠦ ᠰᠠᠶᠢ 《ᠪᠠᠭᠠᠷᠢᠨ》ᠭᠡᠵᠦ ᠬᠠᠯᠠᠨ ᠲᠡᠮᠳᠡᠭᠯᠡᠬᠦ ᠪᠣᠯᠵᠠᠢ᠃ |