题名 |
ᠬᠦᠰᠡᠯ ᠳᠤᠷᠠᠰᠢᠯ ᠤᠨ ᠬᠢᠵᠠᠭᠠᠷ ᠦᠭᠡᠢ ᠴᠢᠨᠠᠷ ᠬᠢᠭᠡᠳ ᠡᠬᠢ ᠰᠤᠷᠪᠤᠯᠵᠢ ᠶᠢᠨ ᠬᠤᠪᠤᠷ ᠴᠤᠬᠠᠭ ᠴᠢᠨᠠᠷ ᠤᠨ ᠵᠦᠷᠢᠴᠡᠯ ᠦᠨ ᠲᠤᠬᠠᠢ ᠲᠤ᠋ ᠸᠠᠩ ᠤᠨ ᠦᠵᠡᠯ ᠰᠠᠨᠠᠭ᠎ᠠ ᠪᠤᠯᠤᠨ ᠦᠢᠯᠡ ᠠᠵᠢᠯᠯᠠᠭ᠎ᠠ |
作者 |
ᠣᠳᠬᠠᠨᠪᠠᠶᠠᠷ |
关键词 |
ᠲᠤ᠋ ᠸᠠᠩ; ᠬᠦᠰᠡᠯ ᠳᠤᠷᠠᠰᠢᠯ ᠤᠨ ᠬᠢᠵᠠᠭᠠᠷ ᠦᠭᠡᠢ ᠴᠢᠨᠠᠷ; ᠡᠬᠢ ᠰᠤᠷᠪᠤᠯᠵᠢ ᠶᠢᠨ ᠬᠤᠪᠤᠷ ᠴᠤᠬᠠᠭ ᠴᠢᠨᠠᠷ |
摘要 |
ᠲᠤ᠋ ᠸᠠᠩ ᠤᠨ 《ᠠᠵᠤ ᠲᠦᠷᠦᠬᠦ ᠶᠢ ᠵᠢᠭᠠᠭᠰᠠᠨ ᠰᠤᠷᠭᠠᠯ》 ᠳᠤ ᠠᠬᠤᠭᠤᠯᠵᠤ ᠪᠦᠬᠦᠢ ᠠᠵᠤ ᠠᠬᠤᠢ ᠶᠢᠨ ᠤᠬᠠᠭᠠᠨ ᠤ ᠦᠵᠡᠯ ᠰᠠᠨᠠᠭ᠎ᠠ ᠪᠤᠯᠤᠨ ᠣᠨᠣᠯ ᠨᠢ ᠨᠡᠯᠢᠶᠡᠳ ᠦᠷᠭᠡᠴᠡ ᠬᠦᠨᠴᠡ ᠲᠡᠢ᠂ ᠨᠡᠯᠢᠶᠡᠳ ᠰᠢᠰᠲ᠋ᠧᠮ ᠲᠡᠢ᠂ ᠳᠦᠷᠰᠦᠯᠢᠭ ᠦᠨᠡᠨ ᠪᠤᠳᠠᠲᠤ ᠵᠢᠱᠢᠶ᠎ᠡ ᠲᠡᠢ ᠪᠠᠢᠬᠤ ᠪᠠᠷ ᠢᠶᠠᠨ ᠣᠨᠴᠠᠯᠢᠭᠳᠠᠵᠤ ᠪᠠᠢᠨ᠎ᠠ᠃ 《ᠠᠵᠤ ᠲᠦᠷᠦᠬᠦ ᠶᠢ ᠵᠢᠭᠠᠭᠰᠠᠨ ᠰᠤᠷᠭᠠᠯ》 ᠳᠤ ᠲᠤ᠋ ᠸᠠᠩ ᠤᠨ ᠡᠬᠢ ᠰᠤᠷᠪᠤᠯᠵᠢ ᠶᠢᠨ ᠬᠤᠪᠤᠷ ᠴᠤᠬᠠᠭ ᠴᠢᠨᠠᠷ ᠪᠤᠯᠤᠨ ᠬᠦᠰᠡᠯ ᠳᠤᠷᠠᠰᠢᠯ ᠤᠨ ᠬᠢᠵᠠᠭᠠᠷ ᠦᠭᠡᠢ ᠴᠢᠨᠠᠷ ᠤᠨ ᠵᠦᠷᠢᠴᠡᠯ ᠦᠨ ᠲᠤᠬᠠᠢ ᠦᠵᠡᠯ ᠰᠠᠨᠠᠭ᠎ᠠ ᠲᠤᠳᠤᠷᠬᠠᠢ ᠳᠤᠰᠬᠠᠭᠳᠠᠵᠤ ᠪᠠᠢᠭ᠎ᠠ ᠶᠤᠮ᠃ ᠲᠤ᠋ ᠸᠠᠩ ᠡᠬᠢ ᠰᠤᠷᠪᠤᠯᠵᠢ ᠶᠢᠨ ᠬᠤᠪᠤᠷ ᠴᠤᠬᠠᠭ ᠴᠢᠨᠠᠷ ᠪᠤᠯᠤᠨ ᠬᠦᠰᠡᠯ ᠳᠤᠷᠠᠰᠢᠯ ᠤᠨ ᠬᠢᠵᠠᠭᠠᠷ ᠦᠭᠡᠢ ᠴᠢᠨᠠᠷ ᠤᠨ ᠬᠠᠷᠢᠴᠠᠭ᠎ᠠ ᠶᠢ ᠣᠨᠣᠯ ᠤᠨ ᠬᠤᠪᠢ ᠪᠠᠷ ᠦᠭᠦᠯᠡᠨ ᠲᠤᠳᠤᠷᠬᠠᠢᠯᠠᠭᠰᠠᠨ ᠲᠡᠳᠦᠢ ᠦᠭᠡᠢ᠂ ᠪᠠᠰᠠ ᠦᠢᠯᠡᠳᠦᠯᠭᠡ ᠶᠢᠨ ᠲᠠᠯ᠎ᠠ ᠪᠠᠷ ᠪᠤᠳᠠᠢᠴᠢᠯᠠᠨ ᠨᠠᠢᠳᠠᠪᠤᠷᠢᠵᠢᠭᠤᠯᠬᠤ ᠪᠠᠷ ᠵᠢᠳᠭᠦᠨ ᠴᠢᠷᠮᠠᠢᠵᠤ ᠪᠠᠢᠵᠠᠢ᠃ |
原文 |
查看原文
|
出自 |
中国蒙古学
2015年
第5期
|