题名 |
ᠤᠷᠴᠢᠭᠤᠯᠭ᠎ᠠ ᠰᠤᠳᠤᠯᠤᠯ ᠤᠷᠤᠰᠬᠠᠯ ᠪᠦᠯᠦᠭ ᠤᠨ ᠲᠤᠬᠠᠢ ᠦᠭᠦᠯᠡᠬᠦ ᠨᠢ (ᠲᠠᠪᠤ)- ᠰᠤᠶᠤᠯ ᠤᠨ ᠡᠷᠭᠢᠯᠳᠡ |
作者 |
ᠸᠸᠨ ᠢᠩ |
关键词 |
ᠤᠷᠴᠢᠭᠤᠯᠭ᠎ᠠ ᠰᠤᠳᠤᠯᠤᠯ ᠤᠷᠤᠰᠬᠠᠯ ᠪᠦᠯᠦᠭ; ᠰᠤᠶᠤᠯ; ᠡᠷᠭᠢᠯᠳᠡ |
摘要 |
ᠬᠤᠯᠮᠤᠰ ᠡᠴᠡ ᠽᠤᠬᠠᠷ᠂ ᠲᠦᠷᠸᠢ ᠬᠦᠷᠳᠡᠯᠡᠬᠢ ᠤᠷᠴᠢᠭᠤᠯᠭ᠎ᠠ ᠰᠤᠳᠤᠯᠤᠯ ᠤᠷᠤᠰᠬᠠᠯ ᠪᠦᠯᠦᠭ ᠤᠨ ᠡᠷᠳᠡᠮᠳᠡᠳ ᠰᠤᠶᠤᠯ ᠤᠨ ᠡᠯᠸᠮᠸᠨ᠋ᠲ᠋ ᠢ ᠨᠢᠭᠡᠨᠳᠡ ᠰᠤᠳᠤᠯᠭᠠᠨ ᠤ ᠬᠠᠷᠠᠭᠠᠨ ᠳᠠᠭᠠᠨ ᠠᠪᠤᠭᠰᠠᠨ ᠪᠠᠢ᠌ᠯ᠎ᠠ᠃ 20 ᠳ᠋ᠤᠭᠠᠷ ᠵᠠᠭᠤᠨ ᠤ 90 ᠭᠡᠳ ᠤᠨ ᠪᠤᠯᠬᠤ ᠳᠤ ᠡᠷᠳᠡᠮᠳᠡᠳ ᠤᠭ ᠭᠡᠯᠡ᠂ ᠤᠷᠴᠢᠭᠤᠯᠭ᠎ᠠ ᠶᠢᠨ ᠬᠡᠯᠡ᠂ ᠰᠤᠶᠤᠯ ᠭᠡᠬᠦ ᠭᠤᠷᠪᠠᠯᠠᠭᠰᠠᠨ ᠬᠠᠷᠢᠴᠠᠭᠠᠨ ᠤ ᠠᠰᠠᠭᠤᠳᠠᠯ ᠢ ᠰᠤᠳᠤᠯᠬᠤ ᠬᠦᠷᠢᠶᠡᠨ ᠳᠡᠭᠡᠨ ᠬᠠᠮᠤᠷᠬᠤ ᠪᠤᠯᠤᠭᠰᠠᠨ ᠨᠢ ᠤᠷᠴᠢᠭᠤᠯᠭ᠎ᠠ ᠰᠤᠳᠤᠯᠤᠯ ᠤᠨ ᠰᠤᠶᠤᠯ ᠤᠨ ᠡᠷᠭᠢᠯᠳᠡ ᠶᠢᠨ ᠴᠠᠭ ᠦᠶ᠎ᠡ ᠡᠬᠢᠯᠡᠭᠰᠡᠨ ᠢ ᠬᠠᠷᠠᠭᠤᠯᠵᠤ ᠪᠠᠢ᠌ᠨ᠎ᠠ᠃ ᠡᠨᠡ ᠦᠶ᠎ᠡ ᠡᠴᠡ ᠰᠤᠳᠤᠯᠤᠭᠴᠢᠳ ᠤᠷᠴᠢᠭᠤᠯᠭ᠎ᠠ ᠶᠢ ᠰᠤᠶᠤᠯ ᠤᠨ ᠦᠵᠡᠭᠳᠡᠯ ᠬᠡᠮᠡᠨ ᠤᠷᠴᠢᠭᠤᠯᠭ᠎ᠠ ᠳᠤ ᠬᠤᠯᠪᠤᠭᠳᠠᠬᠤ ᠨᠡᠢ᠌ᠭᠡᠮ ᠰᠤᠶᠤᠯ ᠤᠨ ᠠᠰᠠᠭᠤᠳᠠᠯ ᠢ ᠴᠢᠬᠤᠯᠠᠴᠢᠯᠠᠨ ᠰᠤᠳᠤᠯᠬᠤ ᠪᠤᠯᠤᠭᠰᠠᠨ ᠨᠢ ᠤᠷᠴᠢᠭᠤᠯᠭ᠎ᠠ ᠰᠤᠳᠤᠯᠤᠯ ᠢ ᠰᠤᠶᠤᠯ ᠲᠠᠢ ᠤᠯᠠᠮ ᠢᠳᠡᠭᠡᠰᠢᠭᠦᠯᠦᠨ ᠤᠯᠠᠮᠵᠢᠯᠠᠯᠳᠤ ᠤᠷᠴᠢᠭᠤᠯᠭ᠎ᠠ ᠰᠤᠳᠤᠯᠤᠯ ᠤᠨ ᠬᠤᠶᠠᠷ ᠬᠡᠯᠡᠨ ᠤ ᠲᠤᠬᠢᠷᠠᠯᠴᠠᠭ᠎ᠠ᠂ ᠤᠷᠴᠢᠭᠤᠯᠭ᠎ᠠ ᠶᠢᠨ ᠪᠠᠷᠢᠮᠵᠢᠶ᠎ᠠ᠂ ᠤᠷᠴᠢᠭᠤᠯᠬᠤ ᠠᠷᠭ᠎ᠠ ᠵᠡᠷᠭᠡ ᠲᠦᠭᠦᠮᠬᠡᠨ ᠰᠤᠳᠤᠯᠭᠠᠨ ᠳᠤ ᠲᠦᠪᠯᠡᠷᠡᠵᠦ ᠪᠠᠢ᠌ᠭᠰᠠᠨ ᠡᠴᠡ ᠵᠤᠭᠢᠶᠠᠯ ᠪᠤᠯᠤᠨ ᠵᠤᠬᠢᠶᠠᠭᠴᠢ᠂ ᠤᠷᠴᠢᠭᠤᠯᠤᠭᠰᠠᠨ ᠵᠤᠬᠢᠶᠠᠯ ᠪᠤᠯᠤᠨ ᠤᠷᠴᠢᠭᠤᠯᠤᠭᠴᠢ ᠶᠢᠨ ᠲᠠᠯᠳᠠ ᠪᠠᠢ᠌ᠭ᠎ᠠ ᠬᠦᠴᠦᠨ᠄ ᠦᠵᠡᠯ ᠤᠬᠠᠮᠰᠠᠷ ᠤᠨ ᠬᠡᠯᠡᠪᠷᠢ᠂ ᠰᠢᠯᠦᠭ ᠵᠦᠢ ᠶᠢᠨ ᠦᠵᠡᠯᠳᠡ᠂ ᠡᠷᠬᠡ᠂ ᠤᠯᠤᠰ ᠲᠦᠷᠦ ᠵᠡᠷᠭᠡ ᠶᠢᠨ ᠤᠬᠠᠮᠰᠠᠷ ᠲᠠᠢ ᠪᠤᠶᠤ ᠤᠬᠠᠮᠰᠠᠷ ᠦᠭᠡᠢ ᠪᠡᠷ ᠤᠷᠴᠢᠭᠤᠯᠭ᠎ᠠ ᠶᠢ ᠨᠦᠯᠦᠭᠡᠯᠡᠳᠡᠭ ᠡᠯᠸᠮᠸᠨ᠋ᠲ᠋ ᠢ ᠪᠠᠭᠳᠠᠭᠠᠨ ᠰᠤᠳᠤᠯᠬᠤ ᠪᠤᠯᠤᠭᠰᠠᠨ ᠨᠢ ᠤᠷᠴᠢᠭᠤᠯᠭ᠎ᠠ ᠰᠤᠳᠤᠯᠤᠯ ᠢ ᠤᠯᠠᠨ ᠡᠰᠢᠳᠦ ᠰᠢᠨᠵᠢ᠂ ᠨᠡᠭᠡᠭᠡᠯᠳᠡᠳᠦ ᠰᠢᠨᠵᠢ ᠲᠠᠢ ᠰᠤᠳᠤᠯᠭᠠᠨ ᠪᠤᠯᠭᠠᠭᠰᠠᠨ ᠪᠠᠢ᠌ᠨ᠎ᠠ᠃ |
原文 |
查看原文
|
出自 |
中国蒙古学
2012年
第1期
|