题名 |
ᠬᠤᠷᠴᠢᠨ ᠪᠦᠬᠡ ᠶᠢᠨ ᠨᠢᠭᠤᠴᠠ ᠳᠠᠷᠨᠢ ᠶᠢᠨ ᠤᠨᠴᠠᠯᠢᠭ ᠰᠢᠨᠵᠢ ᠶᠢ ᠦᠭᠦᠯᠡᠬᠦ ᠨᠢ |
作者 |
ᠴᠧᠨ ᠶᠦᠩ ᠴᠦᠨ |
关键词 |
ᠬᠤᠷᠴᠢᠨ ᠪᠦᠬᠡ ᠮᠦᠷᠭᠦᠯ; ᠲᠠᠬᠢᠯᠭ᠎ᠠ ᠳᠠᠶᠢᠯᠭ᠎ᠠ ᠶᠢᠨ ᠰᠤᠶᠤᠯ; ᠨᠢᠭᠤᠴᠠ ᠳᠠᠷᠨᠢ; ᠤᠨᠴᠠᠯᠢᠭ ᠰᠢᠨᠵᠢ |
摘要 |
ᠬᠤᠷᠴᠢᠨ ᠪᠦᠬᠡ ᠮᠦᠷᠭᠦᠯ ᠨᠢ ᠮᠤᠨᠭᠭᠤᠯ ᠦᠨᠳᠦᠰᠦᠲᠡᠨ ᠦ ᠡᠷᠲᠡᠨ ᠦ ᠤᠯᠠᠮᠵᠢᠯᠠᠯᠲᠤ ᠰᠤᠶᠤᠯ ᠢ ᠵᠠᠯᠭᠠᠮᠵᠢᠯᠠᠵᠤ᠂ ᠲᠠᠬᠢᠯᠭ᠎ᠠ ᠲᠠᠶᠢᠯᠭ᠎ᠠ ᠶᠢᠨ ᠶᠤᠰᠤᠯᠠᠯ ᠳᠠᠬᠢ ᠳᠠᠷᠨᠢ ᠨᠢ ᠨᠢᠭᠤᠴᠠ ᠴᠢᠨᠠᠷ ᠪᠠ ᠲᠤᠰᠬᠠᠢ ᠮᠡᠷᠭᠡᠵᠢᠯᠲᠦ ᠴᠢᠨᠠᠷ ᠢᠶᠠᠷ ᠢᠶᠡᠨ ᠤᠳᠤ ᠪᠤᠯᠲᠠᠯ᠎ᠠ ᠦᠪᠡᠷ ᠦᠨ ᠤᠪᠳᠢᠰᠲᠤ ᠰᠢᠨᠵᠢ ᠪᠡᠨ ᠬᠠᠳᠠᠭᠠᠯᠠᠭᠰᠠᠭᠠᠷ ᠪᠤᠢ᠃ ᠪᠦᠬᠡ ᠮᠦᠷᠭᠦᠯ ᠦᠨ ᠳᠠᠷᠨᠢ ᠶᠢᠨ ᠵᠢᠩ᠋ᠭᠢᠨᠢ ᠤᠳᠬ᠎ᠠ ᠰᠢᠨᠵᠢ ᠶᠢ ᠤᠶᠢᠯᠠᠭᠠᠬᠤ ᠳᠤ ᠲᠤᠩ ᠪᠡᠷᠬᠡ ᠪᠠᠶᠢᠳᠠᠭ᠃ ᠭᠠᠷ ᠲᠤ ᠤᠯᠳᠠᠭᠰᠠᠨ ᠮᠠᠲ᠋ᠧᠷᠢᠶᠠᠯ ᠢ ᠦᠨᠳᠦᠰᠦᠯᠡᠪᠡᠯ᠂ ᠬᠤᠷᠴᠢᠨ ᠪᠦᠬᠡ ᠶᠢᠨ ᠨᠢᠭᠤᠴᠠ ᠳᠠᠷᠨᠢ ᠶᠡᠬᠡ ᠲᠦᠯᠦᠪ ᠪᠦᠬᠡ ᠶᠢᠨ ᠬᠡᠷᠡᠭᠰᠡᠯ ᠦᠨ ᠨᠢᠭᠤᠴᠠ ᠳᠠᠷᠨᠢ᠂ ᠪᠦᠬᠡ ᠶᠢᠨ ᠤᠩ᠋ᠭᠤᠳ ᠰᠢᠲᠦᠭᠡᠨ ᠦ ᠨᠢᠭᠤᠴᠠ ᠳᠠᠷᠨᠢ᠂ ᠪᠠᠶᠢᠭᠠᠯᠢ ᠶᠢᠨ ᠰᠢᠲᠦᠭᠡᠨ ᠦ ᠨᠢᠭᠤᠴᠠ ᠳᠠᠷᠨᠢ ᠭᠡᠵᠦ ᠬᠡᠳᠦᠨ ᠲᠦᠷᠦᠯ ᠠᠩ᠋ᠭᠢᠯᠠᠵᠤ ᠪᠤᠯᠤᠨ᠎ᠠ᠃ ᠬᠤᠷᠴᠢᠨ ᠪᠦᠬᠡ ᠶᠢᠨ ᠨᠢᠭᠤᠴᠠ ᠳᠠᠷᠨᠢ ᠨᠢ ᠮᠤᠨᠭᠭᠤᠯ ᠪᠦᠬᠡ ᠮᠦᠷᠭᠦᠯ ᠦᠨ ᠲᠠᠬᠢᠯᠭ᠎ᠠ ᠳᠠᠶᠢᠯᠭ᠎ᠠ ᠶᠢᠨ ᠶᠤᠰᠤᠯᠠᠯ ᠲᠠᠢ ᠤᠶᠠᠯᠳᠤᠵᠤ᠂ ᠬᠡᠯᠡᠨ ᠦ ᠨᠢᠭᠤᠴᠠᠬᠠᠢ ᠳᠠᠯᠳᠠ ᠰᠢᠨᠵᠢ᠂ ᠪᠦᠲᠦᠴᠡ ᠶᠢᠨ ᠵᠠᠭᠪᠤᠷᠢᠴᠢᠯᠠᠭᠰᠠᠨ ᠰᠢᠨᠵᠢ᠂ ᠶᠤᠰᠤᠯᠠᠯ ᠤᠨ ᠬᠡᠷᠡᠭᠯᠡᠭᠡᠨ ᠦ ᠰᠢᠨᠵᠢ᠂ ᠰᠤᠶᠤᠯ ᠤᠨ ᠤᠳᠤᠮᠰᠢᠯᠲᠤ ᠰᠢᠨᠵᠢ ᠵᠡᠷᠭᠡ ᠦᠨᠳᠦᠰᠦᠲᠡᠨ ᠦ ᠦᠪᠡᠷᠮᠢᠴᠡ ᠰᠤᠶᠤᠯ ᠤᠨ ᠤᠨᠴᠠᠯᠢᠭ ᠰᠢᠨᠵᠢ ᠲᠡᠢ ᠪᠠᠶᠢᠳᠠᠭ᠃ |
原文 |
查看原文
|
出自 |
中国蒙古学
2010年
第5期
|