题名 |
ᠦᠯᠢᠭᠡᠷᠲᠦ ᠳᠠᠭᠤᠤ ᠶᠢᠨ ᠰᠤᠳᠤᠯᠭᠠᠨ ᠳᠤ ᠣᠷᠤᠰᠢᠵᠤ ᠪᠠᠢᠭ᠎ᠠ ᠵᠠᠷᠢᠮ ᠠᠰᠠᠭᠤᠳᠠᠯ ᠤᠨ ᠲᠤᠬᠠᠢ |
作者 |
ᠰᠠᠢᠵᠢᠷᠠᠬᠤ |
关键词 |
ᠦᠯᠢᠭᠡᠷᠲᠦ ᠳᠠᠭᠤᠤ ᠶᠢᠨ ᠰᠤᠳᠤᠯᠭᠠᠨ; ᠦᠰᠦᠭ ᠪᠢᠴᠢᠭ ᠦᠨ ᠲᠧᠺᠰᠲ; ᠤᠷᠠᠨ ᠵᠤᠬᠢᠶᠠᠯ; ᠠᠮᠠᠨ ᠤᠯᠠᠮᠵᠢᠯᠠᠯ |
摘要 |
ᠦᠯᠢᠭᠡᠷᠲᠦ ᠳᠠᠭᠤᠤ ᠶᠢᠨ ᠰᠤᠳᠤᠯᠭ᠎ᠠ ᠳᠤ 《ᠦᠯᠢᠭᠡᠷᠲᠦ ᠳᠠᠭᠤᠤ ᠶᠢ ᠤᠷᠠᠨ ᠵᠤᠬᠢᠶᠠᠯ ᠢᠶᠠᠷ ᠦᠵᠡᠵᠦ ᠰᠤᠳᠤᠯᠬᠤ ᠦᠵᠡᠭᠳᠡᠯ》 ᠪᠤᠯᠤᠨ 《ᠦᠯᠢᠭᠡᠷᠲᠦ ᠳᠠᠭᠤᠤ ᠶᠢᠨ ᠦᠰᠦᠭ ᠪᠢᠴᠢᠭ ᠦᠨ ᠲᠧᠺᠰᠲ ᠲᠤ ᠰᠠᠭᠤᠷᠢᠯᠠᠭᠰᠠᠨ ᠰᠤᠳᠤᠯᠭᠠᠨ》 ᠤ ᠪᠠᠢᠳᠠᠯ ᠣᠷᠤᠰᠢᠵᠤ ᠪᠤᠢ᠃ ᠦᠯᠢᠭᠡᠷᠲᠦ ᠳᠠᠭᠤᠤ ᠶᠢ ᠤᠷᠠᠨ ᠵᠤᠬᠢᠶᠠᠯ ᠤᠨ ᠬᠤᠪᠢ ᠪᠠᠷ ᠪᠢᠰᠢ ᠬᠠᠷᠢᠨ ᠵᠠᠩ ᠦᠢᠯᠡ ᠶᠢᠨ ᠬᠡᠷᠡᠭ ᠦᠵᠡᠭᠳᠡᠯ ᠢᠶᠡᠷ ᠦᠵᠡᠵᠦ ᠲᠠᠨᠢᠨ᠂ ᠠᠮᠠᠨ ᠤᠯᠠᠮᠵᠢᠯᠠᠯ ᠤᠨ ᠣᠷᠴᠢᠨ ᠳᠤᠨᠢ ᠪᠤᠴᠠᠭᠠᠵᠤ ᠰᠤᠳᠤᠯᠬᠤ ᠪᠤᠯ ᠦᠯᠢᠭᠡᠷᠲᠦ ᠳᠠᠭᠤᠤ ᠶᠢᠨ ᠰᠤᠳᠤᠯᠭᠠᠨ ᠳᠤ ᠳᠠᠪᠠᠯᠲᠠ ᠭᠠᠷᠬᠤ ᠳᠤ ᠬᠤᠯᠪᠤᠭᠳᠠᠬᠤ ᠴᠢᠬᠤᠯᠠ ᠨᠢᠭᠡᠨ ᠲᠠᠨᠢᠯᠲᠠ ᠶᠢᠨ ᠮᠦᠷᠲᠡᠭᠡᠨ ᠠᠷᠭ᠎ᠠ ᠵᠦᠢ ᠶᠢᠨ ᠠᠰᠠᠭᠤᠳᠠᠯ ᠮᠦᠨ᠃ ᠦᠯᠢᠭᠡᠷᠲᠦ ᠳᠠᠭᠤᠤ ᠶᠢ ᠤᠷᠠᠨ ᠵᠤᠬᠢᠶᠠᠯ ᠪᠤᠶᠤ ᠤᠳᠬ᠎ᠠ ᠵᠤᠬᠢᠶᠠᠯ ᠢᠶᠠᠷ ᠦᠵᠡᠵᠦ ᠰᠤᠳᠤᠯᠵᠤ ᠪᠠᠢᠭ᠎ᠠ ᠦᠵᠡᠭᠳᠡᠯ ᠦᠩᠭᠡᠷᠡᠭᠰᠡᠨ ᠳᠦ ᠪᠠᠢᠭᠰᠠᠨ ᠪᠦᠭᠡᠳ ᠣᠳᠣ ᠴᠤ ᠨᠢᠭᠡ ᠬᠡᠮᠵᠢᠶᠡᠨ ᠳᠦ ᠣᠷᠤᠰᠢᠭᠰᠠᠭᠠᠷ᠃ ᠦᠯᠢᠭᠡᠷᠲᠦ ᠳᠠᠭᠤᠤ ᠪᠤᠶᠤ ᠲᠡᠭᠦᠨ ᠦ ᠦᠰᠦᠭ ᠪᠢᠴᠢᠭ ᠦᠨ ᠲᠧᠺᠰᠲ ᠢ ᠪᠢᠴᠢᠭ ᠦᠨ ᠤᠷᠠᠨ ᠵᠤᠬᠢᠶᠠᠯ ᠢᠶᠠᠷ ᠦᠵᠡᠵᠦ᠂ ᠦᠯᠢᠭᠡᠷᠲᠦ ᠳᠠᠭᠤᠤ ᠭᠡᠬᠦ ᠠᠮᠠᠨ ᠤᠷᠠᠯᠢᠭ ᠢ ᠵᠦᠪᠬᠡᠨ ᠪᠢᠴᠢᠭ ᠦᠨ ᠤᠷᠠᠨ ᠵᠤᠬᠢᠶᠠᠯ ᠤᠨ ᠲᠠᠯ᠎ᠠ ᠠᠴᠠ ᠰᠤᠳᠤᠯᠬᠤ ᠪᠤᠯ ᠦᠯᠢᠭᠡᠷᠲᠦ ᠳᠠᠭᠤᠤ ᠶᠢᠨ ᠰᠤᠳᠤᠯᠭᠠᠨ ᠳᠤ ᠣᠷᠤᠰᠢᠵᠤ ᠪᠠᠢᠭ᠎ᠠ ᠨᠢᠭᠡ ᠬᠠᠷᠠᠮᠰᠠᠯᠲᠠᠢ ᠲᠠᠯ᠎ᠠ ᠮᠦᠨ ᠭᠡᠭᠴᠢ ᠪᠤᠯ ᠲᠤᠰ ᠦᠭᠦᠯᠡᠯ ᠳᠦ ᠳᠡᠪᠰᠢᠭᠦᠯᠬᠦ ᠭᠡᠵᠦ ᠪᠠᠢᠭ᠎ᠠ ᠦᠵᠡᠯᠲᠡ ᠶᠢᠨ ᠨᠢᠭᠡ᠃ |
原文 |
查看原文
|
出自 |
中国蒙古学
2015年
第4期
|