论文信息


题名 ᠰᠠᠩ ᠤᠨ ᠰᠢᠯᠦᠭ ᠪᠢᠴᠢᠭ᠌ ᠤᠨ ᠵᠣᠬᠢᠶᠠᠯ ᠪᠣᠯᠬᠤ ᠨᠢ
作者 ᠲᠤ᠋᠂ ᠵᠣᠷᠢᠭᠲᠤ
关键词 ᠰᠠᠩ ᠤᠨ ᠰᠢᠯᠦᠭ; ᠠᠮᠠᠨ ᠵᠣᠬᠢᠶᠠᠯ; ᠪᠢᠴᠢᠭ᠌ ᠤᠨ ᠵᠣᠬᠢᠶᠠᠯ
摘要 ᠮᠣᠩᠭ᠋ᠤᠯ ᠦᠨᠳᠦᠰᠦᠲᠡᠨ ᠤ ᠡᠷᠲᠡᠨ ᠤ ᠤᠷᠠᠨ ᠵᠣᠬᠢᠶᠠᠯ ᠤᠨ ᠲᠣᠳᠤᠷ ᠠ ᠰᠠᠩ ᠤᠨ ᠰᠢᠯᠦᠭ ᠬᠡᠮᠡᠬᠦ ᠨᠢᠭᠡ ᠪᠡᠶ ᠠ ᠲᠠᠭᠠᠭᠠᠭᠰᠠᠨ ᠰᠲ᠋ᠢᠯᠢ ᠬᠡᠯᠪᠡᠷᠢ ᠪᠠᠢᠢᠳᠠᠭ ᠢ ᠬᠡᠨ ᠪᠦᠬᠦᠨ ᠪᠦᠷ ᠮᠡᠳᠡᠬᠦ ᠶᠣᠮ᠃ ᠭᠡᠪᠡᠴᠦ ᠲᠡᠷᠡ ᠨᠢ ᠴᠣᠬᠤᠮ ᠪᠢᠴᠢᠭ᠌ ᠤᠨ ᠵᠣᠬᠢᠶᠠᠯ ᠤᠤ? ᠠᠮᠠᠨ ᠵᠣᠬᠢᠶᠠᠯ ᠤᠤ? ᠭᠡᠳᠡᠭ ᠠᠰᠠᠭᠼᠳᠠᠯ ᠢ ᠠᠩᠬᠠᠷᠤᠨ ᠰᠣᠳᠤᠯᠤᠭᠰᠠᠨ ᠪᠦᠲᠦᠭᠡᠯ ᠶᠡᠬᠡ ᠬᠣᠪᠤᠷᠬᠠᠨ ᠪᠠᠢᠢᠭ᠋ ᠠ ᠶᠣᠮ᠃ ᠮᠣᠩᠭ᠋ᠤᠯ ᠦᠨᠳᠦᠰᠦᠲᠡᠨ ᠤ ᠡᠷᠲᠡᠨ ᠤ ᠲᠠᠬᠢᠯᠭ᠋ ᠠ ᠲᠠᠢᠢᠯᠭ᠋ ᠠ ᠶᠢᠨ ᠢᠷᠠᠭᠤ ᠨᠠᠢᠢᠷᠠᠭ ᠤᠨ ᠨᠢᠭᠡ ᠰᠲ᠋ᠢᠯᠢ ᠬᠡᠯᠪᠡᠷᠢ ᠪᠣᠯᠬᠤ ᠰᠠᠩ ᠤᠨ ᠰᠢᠯᠦᠭ ᠤᠨ ᠮᠠᠲ᠋ᠸᠷᠢᠶᠠᠯ ᠢ ᠠᠩᠬᠠᠷᠤᠯ ᠳᠠᠭᠠᠨ ᠠᠪᠴᠤ ᠪᠦᠷᠢᠳᠭᠡᠵᠦ ᠦᠵᠡᠪᠡᠯ ᠣᠳᠣ ᠪᠣᠯᠲᠠᠯ ᠠ ᠪᠦᠷᠢᠳᠭᠡᠯ ᠳᠤ ᠣᠷᠤᠭᠠᠳ ᠪᠠᠢᠢᠭ᠋ ᠠᠨᠢ ᠪᠠᠷᠤᠭ ᠭᠤᠷᠪᠠᠨ ᠵᠠᠭᠤ ᠬᠠᠷᠤᠢ ᠪᠠᠢᠢᠨ᠌ ᠠ᠃ ᠡᠨᠡ ᠭᠤᠷᠪᠠᠨ ᠵᠠᠭᠤ ᠭᠠᠷᠤᠢ ᠰᠠᠩ ᠤᠨ ᠰᠢᠯᠦᠭ ᠢ ᠪᠢᠳᠡ ᠮᠣᠩᠭ᠋ᠤᠯ ᠰᠠᠩ ᠤᠨ ᠰᠢᠯᠦᠭ ᠤᠨ ᠪᠦᠬᠦ ᠮᠠᠲ᠋ᠸᠷᠢᠶᠠᠯ ᠢ ᠪᠦᠷᠢᠨ ᠪᠣᠯᠭᠠᠯ ᠠ ᠭᠡᠵᠦ ᠬᠡᠯᠡᠬᠦ  ᠶᠢᠨ ᠠᠷᠭ᠋ ᠠ ᠦᠭᠡᠢ᠃ ᠲᠡᠭᠦᠨ  ᠡᠴᠡ ᠪᠠᠰᠠ ᠠᠷᠪᠢᠨ ᠪᠠᠢᠢᠬᠤ ᠨᠢ ᠵᠠᠢᠢᠯᠠᠰᠢ ᠦᠭᠡᠢ ᠶᠣᠮ᠃ ᠦᠨᠦᠳᠦᠷ ᠪᠣᠯᠲᠠᠯᠠᠬᠢ ᠰᠣᠳᠤᠯᠭᠠᠨ ᠤ ᠪᠠᠢᠢᠳᠠᠯ ᠢ ᠦᠨᠳᠦᠰᠦᠯᠡᠪᠡᠯ ᠮᠣᠩᠭ᠋ᠤᠯ ᠦᠨᠳᠦᠰᠦᠲᠡᠨ ᠤ ᠰᠠᠩ ᠤᠨ ᠰᠢᠯᠦᠭ ᠢ ᠣᠯᠠᠩᠬᠢ ᠡᠷᠳᠡᠮᠲᠡᠳ ᠪᠠᠷᠤᠭ ᠠᠮᠠᠨ ᠵᠣᠬᠢᠶᠠᠯ ᠤᠨ ᠬᠦᠷᠢᠶ ᠡ ᠬᠡᠪᠴᠢᠲᠡᠨ ᠳᠤ ᠠᠪᠴᠤ ᠦᠵᠡᠭᠰᠡᠭᠡᠷ ᠪᠠᠢᠢᠭ᠋ ᠠ ᠶᠣᠮ᠃ ᠦᠨᠡᠨ ᠳᠡᠭᠡᠨ ᠲᠡᠷᠡ ᠨᠢ ᠪᠢᠴᠢᠭ᠌ ᠤᠨ ᠵᠣᠬᠢᠶᠠᠯ ᠪᠣᠯᠤᠨ᠌ ᠠ᠃
原文 查看原文
出自 中国蒙古学 2012年 第5期

联系我们


内蒙古大学图书馆
呼和浩特市大学西路235号
中国·内蒙古
P: (0471) 4992561
E: huangfeilong@imu.edu.cn