题名 |
ᠮᠣᠩᠭᠤᠯ《 ᠭᠡᠰᠡᠷ ᠤᠨ ᠲᠤᠭᠤᠵᠢ》 ᠳ᠋ᠡᠬᠢ ᠤᠷᠠᠨ ᠳᠦᠷᠢ ᠶᠢᠨ ᠪᠦᠲᠦᠴᠡ ᠬᠢᠭᠡᠳ ᠪᠤᠷᠬᠠᠨ ᠱᠠᠰᠢᠨ ᠤ ᠶᠢᠷᠲᠢᠨᠴᠦ ᠶᠢᠨ ᠦᠵᠡᠯ |
作者 |
ᠪᠢᠴᠢᠯᠦᠨ |
关键词 |
ᠮᠣᠩᠭᠤᠯ 《 ᠭᠡᠰᠡᠷ ᠤᠨ ᠲᠤᠭᠤᠵᠢ》︔ ᠤᠷᠠᠨ ᠳᠦᠷᠢ ᠶᠢᠨ ᠪᠦᠲᠦᠴᠡ︔ ᠪᠤᠷᠬᠠᠨ ᠤ ᠱᠠᠰᠢᠨ |
摘要 |
ᠮᠣᠩᠭᠤᠯ ᠪᠠ ᠲᠦᠪᠡᠳ ᠦᠨᠳᠦᠰᠦᠲᠡᠨ ᠤ ᠰᠣᠶᠤᠯ ᠤᠨ ᠬᠠᠷᠢᠯᠴᠠᠭᠠᠨ ᠤ ᠦᠷ ᠡ ᠵᠢᠮᠢᠰ ᠪᠤᠯᠤᠭᠰᠠᠨ ᠮᠣᠩᠭᠤᠯ 《ᠭᠡᠰᠡᠷ ᠤᠨ ᠲᠤᠭᠤᠵᠢ》 ᠶᠢᠨ ᠤᠷᠠᠨ ᠠᠬᠤᠢ ᠵᠢ ᠪᠤᠷᠬᠠᠨ ᠤ ᠴᠠᠰᠢᠨ ᠤ ᠨᠣᠮᠯᠠᠯ ᠳ᠋ᠡᠬᠢ ᠶᠢᠷᠲᠢᠨᠴᠦ ᠲᠠᠢ ᠬᠠᠷᠢᠴᠠᠭᠤᠯᠤᠨ ᠰᠢᠨᠵᠢᠯᠡᠵᠦ᠂ ᠮᠣᠩᠭᠤᠯ 《 ᠭᠡᠰᠡᠷ ᠤᠨ ᠲᠤᠭᠤᠵᠢ》 ᠶᠢᠨ ᠤᠷᠠᠨ ᠳᠦᠷᠢ ᠵᠢ ᠨᠢ ᠪᠤᠷᠬᠠᠨ ᠤ ᠱᠠᠰᠢᠨ ᠳ᠋ᠤ ᠨᠤᠮᠯᠠᠭᠰᠠᠨ ᠠᠮᠢᠲᠠᠨ ᠭᠤᠤᠯᠲᠠᠨ ᠲᠠᠢ ᠬᠠᠷᠢᠴᠠᠭᠤᠯᠤᠨ ᠰᠢᠨᠵᠢᠯᠡᠬᠦ ᠳ᠋ᠤ᠂ ᠮᠣᠩᠭᠤᠯ《 ᠭᠡᠰᠡᠷ ᠤᠨ ᠲᠤᠭᠤᠵᠢ》 ᠶᠢᠨ ᠤᠷᠠᠯᠢᠭ ᠤᠨ ᠶᠢᠷᠲᠢᠨᠴᠦ ᠶᠢᠨ ᠪᠦᠲᠦᠭᠡᠯᠲᠡ ᠪᠠ ᠵᠢᠷᠤᠭᠯᠠᠯ ᠳ᠋ᠤ ᠪᠤᠷᠬᠠᠨ ᠤ ᠱᠠᠰᠢᠨ ᠤ ᠶᠢᠷᠳᠢᠨᠴᠦ ᠨᠢ ᠦᠯᠦᠭᠡᠷ ᠬᠡᠪ ᠪᠤᠯᠵᠤ᠂ ᠳᠠᠪᠬᠤᠷᠭ᠎ᠠ ᠶᠢᠨ ᠰᠢᠨᠵᠢ ᠲᠠᠢ ᠪᠤᠯᠭᠠᠭᠰᠠᠨ ᠪᠤᠯ᠂ ᠬᠠᠷᠢᠨ ᠲᠤᠭᠤᠵᠢ ᠶᠢᠨ ᠤᠷᠠᠨ ᠳᠦᠷᠢ ᠶᠢᠨ ᠪᠦᠲᠦᠭᠡᠯᠲᠡ ᠳ᠋ᠤ ᠪᠤᠷᠬᠠᠨ ᠤ ᠨᠣᠮᠯᠠᠯ ᠳ᠋ᠡᠬᠢ ᠠᠮᠢᠲᠠᠨ ᠭᠤᠤᠯᠲᠠᠨᠨᠢ ᠦᠯᠢᠭᠡᠷ ᠵᠠᠭᠪᠤᠷ ᠪᠤᠯᠵᠤ᠂ ᠪᠤᠷᠬᠠᠨ ᠂ ᠲᠡᠭᠷᠢ᠂ ᠠᠰᠤᠷᠢ᠂ ᠬᠦᠮᠦᠨ᠂ ᠠᠳᠤᠭᠤᠰᠤᠨ᠂ ᠪᠢᠷᠤᠨ᠂ ᠲᠠᠮᠦ ᠭᠡᠬᠦ ᠤᠷᠠᠨ ᠲᠦᠷᠢ ᠶᠢᠨ ᠦᠪᠡᠷᠮᠢᠴᠡ ᠪᠦᠲᠦᠴᠡ ᠵᠢ ᠪᠦᠷᠢᠯᠳᠦᠭᠦᠯᠦᠭᠰᠡᠨ ᠪᠠᠢᠨ᠎ᠠ᠃ ᠡᠨᠡ ᠨᠢ ᠮᠣᠩᠭᠤᠯ 《 ᠭᠡᠰᠡᠷ ᠤᠨ ᠲᠤᠭᠤᠵᠢ》 ᠶᠢᠨ ᠵᠤᠬᠢᠶᠠᠨ ᠪᠦᠲᠦᠭᠡᠯᠭᠡ ᠳ᠋ᠤ ᠪᠤᠷᠬᠠᠨ ᠤ ᠱᠠᠰᠢᠨ ᠴᠢᠬᠤᠯᠠ ᠦᠢᠯᠡᠳᠦᠯ ᠨᠦᠯᠦᠭᠡ ᠦᠵᠡᠭᠦᠯᠦᠭᠰᠡᠨ ᠪᠠᠢᠨ᠎ᠠ᠃ |
原文 |
没有原文
|
出自 |
中国蒙古学
2021年
第5期
|