题名 |
ᠡᠮᠡᠭᠲᠡᠢᠴᠦᠳ ᠤᠨ ᠲᠤᠬᠠᠢ ᠤᠮᠠᠷᠠᠲᠤ ᠶᠢᠨ ᠦᠨᠳᠦᠰᠦᠲᠡᠨ ᠤ ᠵᠠᠷᠢᠮ ᠴᠡᠭᠡᠷ ᠶᠤᠰᠤᠨ ᠢ ᠬᠠᠷᠢᠴᠠᠭᠤᠯᠤᠨ ᠦᠭᠦᠯᠡᠬᠦ ᠨᠢ |
作者 |
ᠰᠠᠴᠤᠷᠠ |
关键词 |
ᠤᠮᠠᠷᠠᠲᠤ ᠶᠢᠨ ᠦᠨᠳᠦᠰᠦᠲᠡᠨ︔ ᠡᠮᠡᠭᠲᠡᠢᠴᠦᠳ︔ ᠴᠡᠭᠡᠷ ᠶᠤᠰᠤ |
摘要 |
ᠡᠮᠡᠭᠲᠡᠢᠴᠦᠳ ᠤᠨ ᠴᠡᠭᠡᠷ ᠪᠤᠯ ᠲᠡᠯᠡᠬᠡᠢ ᠶᠢᠨ ᠣᠯᠠᠨ ᠦᠨᠳᠦᠰᠦᠲᠡᠨ ᠤ ᠳᠤᠮᠲᠠ ᠲᠦᠭᠡᠮᠡᠯ ᠤᠷᠤᠰᠢᠵᠤ ᠪᠠᠢᠳᠠᠭ ᠰᠣᠶᠤᠯ ᠤᠨ ᠦᠵᠡᠭᠳᠡᠯ ᠶᠤᠮ᠃ᠡᠮᠡᠭᠲᠡᠢ ᠬᠦᠮᠦᠨ ᠤ ᠰᠠᠷ ᠠ ᠶᠢᠨ ᠲᠡᠮᠳᠡᠭ ᠡᠴᠡ ᠪᠤᠯᠤᠭᠰᠠᠨ ᠣᠨᠴᠠᠭᠠᠢ ᠴᠡᠭᠡᠷ ᠨᠢ ᠡᠷᠲᠡᠨ ᠤ ᠦᠶ ᠡ ᠶᠢᠨ ᠬᠦᠮᠦᠰ ᠤᠨ ᠬᠦᠮᠦᠨ ᠤ ᠪᠡᠶ ᠠ ᠶᠢᠨ ᠹᠢᠽᠢᠤᠯᠤᠭᠢ ᠶᠢᠨᠪ ᠪᠠᠢᠳᠠᠯ ᠢ ᠰᠢᠨᠵᠢᠯᠡᠬᠦ ᠤᠬᠠᠭᠠᠨᠴᠢ ᠪᠡᠷ ᠵᠦᠪ ᠢᠢᠡᠷ ᠤᠢᠯᠠᠭᠠᠵᠤ ᠴᠢᠳᠠᠭᠰᠠᠨ ᠦᠭᠡᠢ ᠡᠴᠡ ᠰᠢᠯᠲᠠᠭᠠᠯᠠᠭᠳᠠᠵᠤ᠂ ᠡᠮᠡᠭᠲᠡᠢᠴᠦᠳ ᠨᠢ ᠴᠡᠭᠡᠷᠯᠡᠭᠴᠢ ᠪᠡᠶ ᠠ ᠪᠤᠯᠤᠭᠰᠠᠨ ᠪᠠᠢᠭ᠎ᠠ ᠶᠤᠮ᠃ᠡᠢᠮᠦ ᠡᠴᠡ ᠤᠳᠤᠬᠠᠨ ᠤ ᠬᠦᠭᠵᠢᠭᠰᠡᠨ ᠨᠡᠢᠭᠡᠮ ᠳ᠋ᠤ ᠡᠢᠮᠦᠷᠬᠦᠦ ᠮᠠᠶᠢᠭ ᠤᠨ ᠴᠡᠭᠡᠷ ᠢ ᠲᠠᠪᠴᠢᠵᠦ᠂ ᠰᠢᠨᠵᠢᠯᠡᠬᠦ ᠤᠬᠠᠭᠠᠨᠴᠢ ᠪᠡᠷ ᠬᠠᠨᠳᠤᠵᠤ ᠰᠢᠨᠵᠢᠯᠡᠬᠦ ᠤᠬᠠᠭᠠᠨᠴᠢ ᠪᠡᠷ ᠤᠢᠯᠠᠭᠠᠬᠤ ᠴᠢᠬᠤᠯᠠ ᠲᠠᠢ᠃ ᠬᠦᠩᠭᠡᠵᠢᠬᠦ ᠦᠶ ᠡ ᠶᠢᠨ ᠴᠡᠭᠡᠷ ᠵᠢᠴᠢ ᠰᠠᠷ ᠠ ᠳ᠋ᠤ ᠰᠠᠭᠤᠬᠤ ᠦᠶ ᠡ ᠶᠢᠨ ᠴᠡᠭᠡᠷ ᠶᠤᠰᠤᠨ ᠤ ᠣᠯᠩᠬᠢ ᠨᠢ ᠡᠮᠡᠭᠲᠡᠢᠴᠦᠳ ᠤᠨ ᠡᠷᠡᠬᠦᠯ ᠴᠢᠬᠢᠷᠠᠭ᠂ ᠬᠡᠦᠬᠡᠳ ᠨᠢᠯᠬᠠᠰ ᠤᠨ ᠡᠩᠬᠡ ᠮᠡᠨᠳᠦ ᠵᠢ ᠪᠤᠳᠤᠯᠬᠢᠯᠠᠭᠰᠠᠨ ᠬᠠᠮᠠᠭᠠᠯᠠᠯᠲᠠ ᠶᠢᠨ ᠵᠣᠷᠢᠭᠤᠯᠤᠯᠲᠠ ᠲᠠᠢ ᠴᠡᠭᠡᠷ ᠪᠤᠯᠤᠨ᠎ᠠ᠃ᠤᠮᠠᠷᠠᠲᠤ ᠶᠢᠨ ᠴᠦᠬᠡᠨ ᠲᠤᠭᠠᠲᠤ ᠦᠨᠳᠦᠰᠦᠲᠡᠨ ᠤ ᠲᠡᠳᠡᠭᠡᠷ ᠤᠢᠷᠠᠯᠴᠠᠭ᠎ᠠ ᠪᠤᠶᠤ ᠠᠳᠠᠯᠢᠪᠲᠤᠷ ᠴᠡᠭᠡᠷ ᠶᠤᠰᠤ ᠨᠢ ᠲᠡᠳᠡᠨ ᠤ ᠤᠷᠤᠰᠢᠨ ᠠᠮᠢᠳᠤᠷᠠᠵᠤ ᠪᠠᠢᠭᠰᠠᠨ ᠪᠠᠢᠭᠠᠯᠢ ᠣᠷᠴᠢᠨ ᠤ ᠨᠦᠬᠦᠴᠡᠯ᠂ ᠠᠩ ᠠᠩᠨᠠᠯ᠂ ᠮᠠᠯ ᠮᠠᠵᠢᠯ ᠤᠨ ᠰᠠᠭᠤᠷᠢ᠂ ᠠᠮᠢᠳᠤᠷᠠᠯ ᠠᠬᠤᠢ ᠶᠢᠨ ᠬᠡᠯᠪᠡᠷᠢ ᠵᠡᠷᠭᠡ ᠲᠠᠢ ᠬᠣᠯᠪᠤᠭ᠎ᠠ ᠲᠠᠢ ᠮᠦᠷᠲᠡᠭᠡᠨ ᠵᠠᠷᠢᠮ ᠴᠡᠭᠡᠷ ᠶᠤᠰᠤᠨ ᠨᠢ ᠲᠡᠳᠡᠨ ᠤ ᠰᠢᠲᠦᠯᠭᠡ ᠪᠢᠰᠢᠷᠡᠯ ᠯᠤᠭᠡ ᠲᠠᠢ ᠶᠤᠮ᠃ |
原文 |
没有原文
|
出自 |
中国蒙古学
2021年
第5期
|