论文信息


题名 ᠮᠣᠩᠭᠤᠯ ᠪᠠᠭᠠᠲᠤᠷᠯᠢᠭ ᠲᠤᠤᠯᠢ ᠳ᠋ᠡᠬᠢ ᠪᠦᠭᠡ ᠶᠢᠨ ᠬᠦᠴᠦ ᠴᠢᠳᠠᠯ ᠤᠨ ᠰᠢᠨᠵᠢᠯᠡᠯ
作者 ᠬᠤᠤᠰᠪᠠᠶᠠᠷ
关键词 ᠪᠠᠭᠠᠲᠤᠷᠯᠢᠭ ᠲᠤᠤᠯᠢ︔ ᠪᠦᠭᠡ︔ ᠬᠦᠴᠦ ᠴᠢᠳᠠᠯ
摘要 ᠪᠠᠭᠠᠲᠤᠷᠯᠢᠭ ᠲᠤᠤᠯᠢ ᠪᠤᠯ ᠬᠦᠮᠦᠨ ᠲᠦᠷᠦᠯᠬᠢᠲᠡᠡ ᠤ ᠪᠠᠭᠠᠲᠤᠯᠷᠢᠭ ᠦᠶ ᠡ ᠶᠢᠨ ᠨᠡᠢᠭᠡᠮ ᠤᠨ ᠠᠮᠢᠳᠤᠷᠠᠨ ᠲᠡᠮᠡᠴᠡᠯ ᠢᠢᠡᠷ ᠦᠨᠳᠦᠰᠦᠯᠡᠯ ᠪᠤᠯᠭᠠᠨ ᠲᠡᠭᠦᠨ ᠡᠴᠡ ᠡᠮᠦᠨᠡᠬᠢ ᠤᠷᠠᠯᠢᠭ ᠤᠨ ᠪᠦᠲᠦᠭᠡᠯ ᠤᠨ ᠰᠢᠮᠲᠦ ᠬᠦᠷᠦᠰᠦᠨ ᠳ᠋ᠤ ᠡᠭᠦᠰᠦᠨ ᠲᠦᠯᠦᠪᠰᠢᠷᠡᠵᠦ᠂ ᠪᠠᠭᠠᠲᠤᠷ ᠡᠷ ᠠ ᠶᠢᠨ ᠦᠢᠯᠡ ᠠᠵᠢᠯᠠᠯᠠᠭ᠎ᠠ ᠪᠠ ᠤᠪᠤᠭ ᠠᠢᠮᠠᠭ ᠤᠨ ᠲᠠᠢᠨ ᠪᠠᠢᠯᠳᠤᠭᠠᠨ᠂ ᠬᠦᠴᠦ ᠴᠢᠳᠠᠯ᠂ ᠬᠦᠰᠡᠯ ᠮᠦᠷᠦᠭᠡᠳᠦᠯ ᠢ ᠮᠠᠭᠲᠠᠨ ᠰᠢᠯᠦᠭᠯᠡᠭᠰᠡᠨ ᠵᠤᠷᠢᠭ ᠰᠠᠨᠠᠭᠠᠨ ᠤ ᠪᠠᠭᠠᠲᠤᠷᠯᠢᠭ ᠲᠠᠭᠤᠯᠠᠯ ᠪᠤᠯᠤᠨ᠎ᠠ᠃ ᠮᠣᠩᠭᠤᠯ ᠪᠠᠭᠠᠲᠤᠷᠯᠢᠭ ᠲᠤᠤᠯᠢ ᠶᠢᠨ ᠭᠤᠤᠯ ᠲᠦᠷᠢ ᠪᠤᠯᠬᠤ ᠪᠠᠭᠠᠲᠤᠷ ᠤᠳ ᠤᠨ ᠦᠢᠯᠡ ᠠᠵᠢᠯᠠᠯᠠᠭᠠᠨ ᠤ ᠭᠤᠤᠯ ᠲᠦᠷᠰᠦᠯᠡᠯ᠂ ᠲᠡᠮᠡᠴᠡᠯ ᠤᠨ ᠦᠨᠳᠦᠰᠦᠨ ᠬᠡᠯᠪᠡᠷᠢ ᠨᠢ ᠪᠦᠭᠡ ᠶᠢᠨ ᠬᠦᠴᠦ ᠴᠢᠳᠠᠯ ᠢ ᠣᠨᠴᠠᠯᠠᠨ ᠲᠦᠷᠰᠦᠯᠡᠵᠦ᠂ ᠬᠦᠴᠦ ᠴᠢᠳᠠᠯ ᠢ ᠠᠮᠢᠳᠤᠷᠠᠯ ᠲᠡᠮᠡᠴᠡᠯ ᠤᠨ ᠱᠠᠭᠠᠷᠳᠠᠯᠭ᠎ᠠ᠂ ᠵᠦᠷᠢᠴᠡᠯ ᠮᠦᠷᠭᠦᠯᠳᠦᠭᠡᠨ ᠢ ᠰᠢᠢᠳᠪᠦᠷᠢᠯᠡᠬᠦ ᠠᠷᠭ᠎ᠠ ᠪᠠᠷᠢᠯ ᠪᠤᠯᠤᠨ ᠮᠣᠩᠭᠤᠯᠴᠤᠳ ᠤᠨ ᠭᠤᠤ ᠠ ᠵᠦᠢ ᠶᠢᠨ ᠰᠡᠳᠬᠢᠯᠭᠡᠨ ᠤ ᠢᠯᠡᠷᠡᠯ ᠪᠤᠯᠭᠠᠨ ᠲᠦᠷᠰᠦᠯᠡᠨ ᠵᠢᠷᠤᠭᠯᠠᠵᠤ᠂ ᠪᠠᠭᠠᠲᠤᠷ ᠢᠲᠡᠳᠡᠨ ᠤ ᠬᠦᠴᠦ ᠴᠢᠳᠠᠯ ᠢ ᠲᠠᠭᠠᠰᠢᠶᠠᠨ ᠪᠡᠯᠭᠡᠳᠡᠳᠡᠭ᠃ ᠪᠠᠭᠠᠲᠤᠯᠢᠷ ᠲᠤᠤᠯᠢ ᠳ᠋ᠡᠬᠢ ᠬᠦᠴᠦ ᠴᠢᠳᠠᠯ ᠤᠨ ᠲᠦᠷᠰᠦᠯᠡᠯ ᠤᠨ ᠲᠤᠬᠠᠢ ᠰᠢᠨᠵᠢᠯᠡᠬᠦ ᠨᠢ ᠪᠠᠭᠠᠲᠤᠷᠯᠢᠭ ᠲᠤᠤᠯᠢ ᠶᠢᠨ ᠰᠣᠳᠤᠯᠭᠠᠨ ᠤ ᠬᠦᠷᠢᠶ ᠡ ᠬᠡᠪᠴᠢᠶ ᠠ ᠵᠢ ᠤᠯᠠᠮ ᠨᠢᠭᠡ ᠠᠯᠬᠤᠮ ᠦᠷᠭᠡᠳᠭᠡᠵᠦ᠂ ᠤᠳᠬ ᠠ ᠠᠭᠤᠯᠭ᠎ᠠ ᠶᠢᠨ ᠲᠠᠯ ᠠ ᠪᠡᠷ ᠲᠠᠬᠢᠨᠲᠠ ᠪᠠᠶᠠᠯᠢᠭᠵᠢᠭᠤᠯᠬᠤ ᠳ᠋ᠤ ᠴᠢᠬᠤᠯᠠ ᠠᠴᠢ ᠬᠣᠯᠪᠤᠭᠳᠠᠯ ᠲᠠᠢ᠃
原文 没有原文
出自 内蒙古社会科学(蒙文版) 2023年 第6期

联系我们


内蒙古大学图书馆
呼和浩特市大学西路235号
中国·内蒙古
P: (0471) 4992561
E: huangfeilong@imu.edu.cn