论文信息


题名 ᠲᠡᠭᠡᠳᠦ ᠮᠣᠩᠭ᠋ᠤᠯ ᠤᠨ ᠲᠦᠷᠦ ᠶᠢᠨ ᠶᠣᠰᠤᠨ ᠤ ᠬᠦᠨᠳᠦᠳᠭᠡᠯᠲᠦ ᠲᠠᠭᠤᠤ ᠵᠢ ᠲᠠᠭᠤᠯᠠᠬᠤ ᠵᠠᠩᠰᠢᠯ ᠪᠠ ᠵᠠᠷᠢᠮ ᠲᠠᠭᠤᠤ ᠶᠢᠨ ᠠᠳᠠᠯᠢ ᠪᠣᠰᠤ ᠬᠣᠪᠢᠯᠪᠤᠷᠢ  ᠶᠢᠨ ᠲᠣᠬᠠᠢ—《ᠦᠷᠭᠡᠨ ᠶᠡᠬᠡ ᠲᠡᠯᠡᠬᠡᠢ》ᠬᠡᠮᠡᠬᠦ ᠲᠠᠭᠤᠤ ᠶᠢᠨ ᠵᠢᠱᠢᠶᠡᠨ ᠲᠡᠭᠡᠷ ᠡ ᠲᠦᠪᠯᠡᠷᠡᠭᠦᠯᠦᠨ ᠦᠭᠦᠯᠡᠬᠦ ᠨᠢ
作者 ᠬᠠᠰᠴᠡᠴᠡᠭ
关键词 ᠲᠡᠭᠡᠳᠦ ᠮᠣᠩᠭ᠋ᠤᠯ;ᠲᠦᠷᠦ ᠶᠣᠰᠤᠨ ᠤ ᠬᠦᠨᠳᠦᠳᠭᠡᠯᠲᠦ ᠲᠠᠭᠤᠤ;《ᠦᠷᠭᠡᠨ ᠶᠡᠬᠡ ᠲᠡᠯᠡᠭᠡᠢ》;ᠤᠯᠠᠮᠵᠢᠯᠠᠯ ᠬᠣᠪᠢᠰᠤᠯ
摘要 ᠲᠦᠷᠦ ᠶᠣᠰᠤᠨ ᠤ ᠬᠦᠨᠳᠦᠳᠭᠡᠯᠲᠦ ᠲᠠᠭᠤᠤ ᠭᠡᠳᠡᠭ ᠨᠢ ᠡᠩ ᠤᠨ ᠨᠠᠢᠢᠷ ᠤᠨ ᠲᠠᠭᠤᠤ ᠡᠴᠡ ᠢᠯᠭᠠᠭᠳᠠᠬᠤ ᠭᠦᠨ ᠬᠦᠨᠳᠦᠳᠭᠡᠯ ᠤᠨ ᠤᠳᠬ ᠠ ᠠᠶᠠᠰ ᠲᠠᠢ᠂ ᠲᠠᠭᠤᠯᠠᠬᠤ ᠴᠢᠩᠭ᠋ ᠠ ᠶᠣᠰᠤ ᠭᠤᠷᠢᠮ ᠲᠠᠢ ᠲᠦᠷᠦ ᠶᠣᠰᠤᠨ ᠤ ᠲᠣᠮᠤ ᠶᠡᠬᠡ ᠨᠠᠢᠢᠷ ᠴᠤᠭᠯᠠᠭᠠᠨ ᠳᠤ ᠲᠠᠭᠤᠴᠢᠨ ᠲᠠᠭᠤᠯᠠᠳᠠᠭ ᠲᠠᠭᠤᠤ ᠵᠢ ᠵᠢᠭᠠᠵᠤ ᠪᠠᠢᠢᠨ᠌ ᠠ᠃ ᠲᠡᠳᠡᠭᠡᠷ ᠲᠠᠭᠤᠤ ᠶᠢᠨ ᠲᠣᠲᠤᠷ ᠠ《ᠦᠷᠭᠡᠨ ᠶᠡᠬᠡ ᠲᠡᠯᠡᠬᠡᠢ 》 ᠬᠡᠮᠡᠬᠦ ᠲᠠᠭᠤᠤ ᠪᠸᡀ ᠤᠳᠤᠮᠰᠢᡀᠲᠤ ᠲᠠᠭᠤᠯᠠᠬᠤᠢ ᠶᠣᠰᠤᠨ ᠢᠢᠡᠨ ᠨᠡᠯᠢᠶᠡᠳ ᠪᠦᠷᠢᠨ ᠬᠠᠳᠠᠭᠠᠯᠠᠵᠤ ᠪᠠᠢᠢᠭ᠋ ᠠ ᠴᠦᠬᠡᠨ ᠬᠡᠳᠦᠨ ᠲᠠᠭᠤᠤ ᠶᠢᠨ ᠨᠢᠭᠡ ᠨᠢ ᠪᠣᠯᠤᠨ᠌ ᠠ᠃ ᠴᠠᠭ ᠲᠡᠦᠬᠡ ᠶᠢᠨ ᠬᠣᠪᠢᠰᠤᠯᠲᠠ  ᠶᠢᠨ ᠲᠠᠭᠤ ᠲᠤᠰᠬᠠᠢ ᠲᠠᠭᠤᠯᠠᠬᠤ ᠬᠡᠯᠡᠨ ᠤ ᠣᠷᠴᠢᠨ  ᠳᠠᠭᠠᠨ ᠴᠢᠩᠭ᠋ ᠠ ᠲᠢᠭ᠌ ᠵᠢᠷᠦᠮ ᠲᠠᠢ᠂ ᠣᠨᠴᠠᠭᠠᠢ ᠡᠭᠦᠷᠭᠡ ᠵᠣᠷᠢᠭᠤᠯᠤᠯᠲᠡ ᠵᠢ ᠬᠦᠢᠴᠡᠳᠭᠡᠵᠦ ᠪᠠᠢᠢᠭᠰᠠᠨ ᠲᠡᠳᠡᠭᠡᠷ ᠲᠠᠭᠤᠤ ᠨᠤᠭᠤᠳ ᠨᠢ ᠢᠳᠡᠭ ᠢᠳᠡᠭ ᠢᠢᠡᠷ ᠶᠣᠰᠤᠯᠠᠯ ᠬᠦᠨᠳᠦᠳᠭᠡᠯ ᠤᠨ ᠰᠢᠨᠵᠢ ᠪᠠᠨ ᠠᠯᠳᠠᠨ᠂ᠠᠷᠠᠳ ᠲᠦᠮᠡᠨ ᠤ ᠣᠶᠣᠨ ᠰᠡᠳᠭᠢᠯᠭᠡᠨ ᠳᠦᠨᠢ ᠡᠷᠬᠢᠮ ᠲᠡᠭᠡᠳᠦ ᠪᠠᠢᠢᠷᠢ ᠰᠠᠭᠤᠷᠢ ᠨᠢ ᠤᠯᠠᠮ ᠡᠴᠡ ᠪᠠᠯᠠᠷᠬᠠᠢᠢᠰᠢᠵᠤ᠂ ᠶᠠᠪᠤᠭᠠᠨ ᠳᠠᠭᠠᠨ ᠲᠠᠭᠤᠯᠠᠬᠤ ᠤᠯᠠᠮᠵᠢᠯᠠᠯ ᠨᠢ ᠵᠣᠭᠰᠤᠩᠭ᠋ᠤᠢᠢᠷᠠᠨ ᠮᠠᠷᠲᠠᠭᠳᠠᠨ ᠭᠡᠭᠡᠭ᠍ᠳᠡᠬᠦ ᠬᠠᠨᠳᠤᠰᠢ ᠲᠠᠢ ᠪᠣᠯᠤᠭᠰᠠᠨ ᠪᠠᠢᠢᠨ᠌ ᠠ᠃ ᠲᠡᠳᠡᠭᠡᠷ ᠤᠯᠠᠮᠵᠢᠠᠯᠯ ᠨᠢ ᠵᠣᠭᠰᠤᠩᠭ᠋ᠤᠢᠢᠷᠷᠭᠠᠳ ᠵᠦᠪᠬᠡᠨ ᠨᠡᠢᠢᠲᠡ ᠶᠢᠨ ᠲᠤᠷᠠᠰᠤᠮᠵᠢ ᠶᠢᠨ ᠲᠡᠳᠦᠢ ᠪᠣᠯᠤᠭᠰᠠᠨ ᠵᠠᠷᠢᠮ ᠲᠠᠭᠤᠤ ᠶᠢᠨ ᠲᠣᠬᠠᠢ ᠠᠷᠠᠳ ᠤᠨ ᠠᠮᠠᠨ ᠲᠡᠦᠬᠡ᠂ᠠᠮᠠᠨ ᠤᠯᠠᠮᠵᠢᠯᠠᠯ ᠳᠤ ᠲᠦᠰᠢᠭᠯᠡᠨ ᠲᠡᠮᠳᠡᠭᠯᠡᠨ ᠠᠪᠴᠤ ᠰᠢᠨᠵᠢᠯᠡᠨ ᠰᠣᠳᠤᠯᠬᠤ ᠨᠢ ᠡᠷᠳᠡᠮ ᠰᠢᠨᠵᠢᠯᠡᠭᠡᠨ ᠤ ᠠᠴᠢ ᠬᠣᠯᠪᠤᠭᠳᠠᠯ ᠲᠠᠢ ᠭᠡᠵᠦ ᠦᠵᠡᠨ᠌ ᠠ᠃
原文 查看原文
出自 中国蒙古学 2012年 第5期

联系我们


内蒙古大学图书馆
呼和浩特市大学西路235号
中国·内蒙古
P: (0471) 4992561
E: huangfeilong@imu.edu.cn