摘要 |
ᠡᠷᠳᠡ ᠲᠡᠭᠡᠳᠦ ᠡᠴᠡ ᠤᠯᠠᠮᠵᠢᠯᠠᠯ ᠲᠠᠢ ᠲᠠᠨᠰᠤᠭ ᠣᠯᠠᠨ ᠮᠣᠩᠭᠤᠯ ᠰᠤᠷᠭᠠᠯ ᠦᠭᠦᠯᠡᠮᠵᠢ ᠵᠢ ᠰᠣᠳᠤᠯᠬᠤ ᠳ᠋ᠤ 《 ᠰᠦᠶᠦᠭᠡᠷ》 ᠭᠡᠬᠦ ᠦᠭᠡ ᠶᠢᠨ ᠢᠷᠡᠯ ᠭᠠᠷᠤᠯ᠂ ᠢᠵᠠᠭᠤᠷ ᠪᠦᠲᠦᠴᠡ᠂ ᠤᠳᠬ ᠠ ᠬᠡᠷᠡᠭᠯᠡᠭᠡ ᠵᠡᠷᠭᠡ ᠵᠢ ᠬᠠᠮᠤᠭ ᠤᠨ ᠲᠡᠷᠢᠬᠦᠨ ᠳ᠋ᠤ ᠲᠤᠳᠤ ᠪᠤᠯᠭᠠᠬᠤ ᠶᠤᠰᠤᠲᠠᠢ᠂《ᠰᠦᠶᠦᠭᠡᠷ》 ᠭᠡᠬᠦ ᠦᠭᠡ ᠶᠢᠨ ᠢᠷᠡᠯ ᠭᠠᠷᠤᠯ ᠢ ᠨᠠᠷᠢᠪᠴᠢᠯᠠᠨ ᠰᠣᠳᠤᠯᠵᠤ ᠦᠵᠡᠪᠡᠯ᠂ ᠲᠡᠭᠦᠨ ᠤ ᠢᠵᠠᠭᠤᠷ ᠨᠢ 《 ᠰᠤᠶᠤ》 ᠪᠤᠯᠬᠤ ᠪᠠ 《 ᠰᠦᠶᠦ》 《 ᠰᠤᠶᠤ》《 ᠰᠦᠶᠢ》ᠭᠡᠭᠦ ᠭᠤᠷᠪᠠᠨ ᠵᠦᠢᠯ ᠤᠨᠬᠡᠯᠪᠡᠷᠢ ᠨᠢ ᠢᠵᠢᠯᠭᠡᠨ ᠤᠳᠬ ᠠ ᠲᠠᠢ ᠬᠡᠷᠡᠭᠯᠡᠭᠳᠡᠵᠦ ᠪᠠᠢᠭᠰᠠᠨ ᠭᠡᠳᠡᠭ ᠢ ᠰᠣᠷᠪᠤᠯᠵᠢᠰ ᠲᠡᠬᠢ ᠵᠢᠱᠢᠶ ᠡ ᠨᠣᠭᠦᠳ ᠨᠤᠲᠠᠯᠠᠵᠤ ᠪᠤᠢ ᠶᠤᠮ᠃ ᠡᠭᠦᠨᠴᠢᠯᠡᠨ 《 ᠰᠦᠶᠦᠭᠡᠷ》 ᠭᠡᠬᠦ ᠦᠭᠡ ᠯᠤᠭᠡ ᠠᠳᠠᠯᠢ ᠤᠳᠬ ᠠ ᠲᠠᠢ 《 ᠰᠣᠶᠤᠯ ᠰᠤᠷᠭᠠᠯ》 ᠭᠡᠬᠦ ᠦᠭᠡ ᠵᠢ 《ᠰᠣᠶᠤᠯ ᠰᠤᠷᠭᠠᠯ》ᠭᠡᠵᠦ ᠰᠡᠷᠭᠦᠭᠡᠨ ᠣᠩᠰᠢᠪᠠᠯ ᠵᠤᠬᠢᠨ᠎ᠠ᠃ |