摘要 |
ᠮᠣᠩᠭᠤᠯ ᠬᠡᠯᠡᠨ ᠤ ᠡᠷᠳᠡᠮ ᠰᠣᠳᠤᠯᠭᠠᠨ ᠳ᠋ᠤ᠂ ᠲᠤᠯᠢ ᠪᠢᠴᠢᠭ ᠤᠨ ᠤᠬᠠᠭᠠᠨ ᠢ《 ᠲᠤᠯᠢ ᠪᠢᠴᠢᠭ ᠤᠨ ᠵᠦᠢ》ᠭᠡᠵᠦ ᠨᠡᠷᠡᠯᠡᠬᠦ ᠨᠢ ᠣᠯᠠᠨᠲᠠᠢ᠂ ᠤᠢᠷ ᠠ ᠶᠢᠨ ᠵᠢᠯ ᠤᠳ ᠡᠴᠡ《ᠲᠤᠯᠢ ᠵᠦᠢ》 ᠭᠡᠵᠦ ᠲᠤᠪᠴᠢᠯᠠᠬᠤ ᠪᠡᠷ ᠣᠷᠤᠯᠳᠤᠵᠤ ᠪᠤᠢ ᠶᠤᠮ ᠪᠠᠢᠨ᠎ᠠ᠃ ᠪᠢ ᠪᠤᠯ ᠡᠷᠳᠡ ᠬᠠᠭᠤᠴᠢᠨ ᠦᠶ ᠠ ᠶᠢᠨ 《 ᠲᠠᠪᠤᠨ ᠤᠬᠠᠭᠠᠨ》 ᠭᠡᠬᠦ ᠮᠡᠲᠦ ᠶᠢᠨ ᠨᠡᠷ ᠠ ᠲᠤᠬᠢᠶ ᠠ ᠪᠤᠯᠤᠨ ᠤᠢᠷ ᠠ ᠣᠳᠤ ᠴᠠᠭ ᠤᠨ《 ᠰᠢᠨᠵᠢᠯᠡᠬᠦ ᠤᠬᠠᠭᠠᠨ》 ᠭᠡᠬᠦ ᠮᠡᠲᠦ ᠶᠢᠨ ᠨᠡᠷ ᠠ ᠲᠤᠮᠢᠶ ᠠ ᠨᠤᠭᠤᠳ ᠲᠠᠢ ᠠᠯᠢ ᠪᠡᠯᠬᠤ ᠪᠡᠷ ᠨᠢᠭᠡᠨ ᠮᠦᠷᠴᠢᠯᠡᠨ ᠨᠢᠭᠡᠳᠭᠡᠬᠦ ᠰᠠᠨᠠᠭᠠᠨ ᠤ ᠡᠭᠦᠳᠡᠨ ᠡᠴᠡ ᠲᠤᠯᠢ ᠪᠢᠴᠢᠭ ᠤᠨ ᠤᠬᠠᠭᠠᠨ ᠭᠡᠪᠡᠯ ᠵᠦᠪᠬᠡᠨ 《ᠵᠦᠢ ᠶᠤᠰᠤᠨ》 ᠤ ᠤᠴᠢᠷ ᠲᠡᠳᠦᠢᠭᠡᠨ ᠪᠢᠰᠢ᠂ ᠨᠡᠩ ᠴᠦ《 ᠰᠣᠳᠤᠯᠤᠯ-ᠰᠣᠳᠤᠯᠭᠠᠨ》 ᠢᠢᠡᠷ ᠬᠢᠵᠠᠭᠠᠷᠯᠠᠭᠳᠠᠬᠤ ᠦᠭᠡᠢ᠂ ᠬᠠᠷᠢᠨ ᠲᠤᠯᠢ ᠪᠢᠴᠢᠭ ᠤᠨ ᠲᠤᠬᠠᠢ ᠵᠦᠢ ᠶᠤᠰᠤ ᠬᠢᠭᠡᠳ ᠲᠡᠭᠦᠨ ᠤ ᠡᠷᠳᠡᠮ ᠰᠣᠳᠤᠯᠭᠠᠨ ᠢ ᠪᠠᠭᠲᠠᠭᠠᠭᠰᠠᠨ ᠬᠡᠯᠡᠨ ᠤ ᠨᠢᠭᠡᠨ ᠰᠠᠯᠪᠤᠷᠢ《 ᠰᠢᠨᠵᠢᠯᠡᠬᠦ ᠤᠬᠠᠭᠠᠨ》 ᠪᠤᠯᠤᠨ᠎ᠠ ᠭᠡᠵᠦ ᠤᠬᠠᠭᠠᠷᠠᠭᠠᠳ᠂ ᠡᠢᠨ ᠬᠦ ᠨᠡᠷ ᠠ ᠲᠤᠮᠢᠶᠠᠯᠠᠵᠤ ᠪᠠᠢᠨ᠎ᠠ᠃ |