摘要 |
《 ᠵᠠᠩᠭᠠᠷ》 ᠤᠨ ᠲᠤᠤᠯᠢ ᠳ᠋ᠤ ᠮᠠᠰᠢ ᠣᠯᠠᠨ ᠬᠠᠴᠢᠨ ᠰᠣᠨᠢᠷᠬᠠᠯᠲᠠᠢ ᠵᠦᠢᠯ ᠪᠠᠢᠳᠠᠭ᠃ ᠵᠢᠱᠢᠶᠡᠯᠡᠪᠡᠯ᠂ 《 ᠵᠠᠩᠭᠠᠷ》 ᠤᠨ ᠲᠤᠤᠯᠢ ᠳ᠋ᠡᠬᠢ ᠤᠷᠠᠨ ᠲᠦᠷᠰᠦᠯᠡᠯ ᠳ᠋ᠤ ᠲᠤᠭ᠎ᠠ ᠪᠡᠷ ᠳᠦᠷᠰᠦᠯᠡᠬᠦ ᠣᠨᠴᠤᠭᠤᠢ ᠠᠷᠭ᠎ᠠ ᠬᠡᠯᠪᠡᠷᠢ ᠪᠠᠢᠳᠠᠭ᠃ ᠡᠨᠡ ᠨᠢ ᠲᠤᠰ ᠲᠤᠤᠯᠢ ᠶᠢᠨ ᠳᠦᠷᠰᠦᠯᠡᠯ ᠵᠢᠷᠤᠭᠯᠠᠯ ᠤᠨ ᠠᠷᠭ᠎ᠠ ᠠᠪᠴᠠᠯ ᠤᠨ ᠬᠢᠨᠢ ᠴᠢᠬᠤᠯᠠ ᠨᠢᠭᠡ ᠵᠦᠢᠯ ᠪᠤᠯᠤᠨ᠎ᠠ᠃ ᠲᠤᠤᠯᠢ ᠳ᠋ᠤ ᠠᠭᠤᠯᠠ ᠤᠰᠤ᠂ ᠡᠳ᠋ᠯᠡᠯ ᠬᠡᠷᠡᠭᠰᠡᠯ᠂ ᠴᠢᠨᠠᠭᠰᠢᠯᠡᠪᠡᠯ ᠤᠷᠠᠨ ᠳᠦᠷᠢ ᠨᠣᠭᠦᠳ ᠤᠨ ᠬᠦᠴᠦᠨ ᠴᠢᠳᠠᠪᠤᠷᠢ᠂ ᠡᠷᠳᠡᠮ ᠪᠣᠯᠪᠠᠰᠤᠷᠠᠯ ᠢ ᠬᠦᠷᠲᠡᠯ ᠠ ᠴᠦᠮ ᠲᠤᠭ᠎ᠠ ᠪᠡᠷ ᠳᠦᠷᠰᠦᠯᠡᠬᠦ ᠮᠦᠷᠲᠡᠭᠡᠨ ᠡᠢᠮᠦ ᠲᠦᠷᠰᠦᠯᠡᠯ ᠤᠨ ᠠᠷᠭ᠎ᠠ ᠪᠠᠷᠢᠯ ᠨᠢ ᠲᠤᠤᠯᠢ ᠶᠢᠨ ᠦᠵᠡᠯ ᠰᠠᠨᠠᠭ᠎ᠠ ᠳ᠋ᠤ ᠠᠰᠤᠷᠤ ᠴᠢᠬᠤᠯᠠ ᠦᠢᠯᠡᠳᠦᠯ ᠦᠵᠡᠭᠦᠯᠦᠭᠰᠡᠨ ᠠᠵᠢ᠃ |