题名 |
ᠮᠣᠩᠭᠤᠯ ᠵᠠᠩ ᠦᠢᠯᠡ ᠶᠢᠨ ᠣᠢᠯᠠᠯᠭ᠎ᠠ ᠶᠢᠨ ᠪᠢᠴᠢᠯᠭᠡ ᠶᠢᠨ ᠠᠷᠭ᠎ᠠ ᠶᠢᠨ ᠲᠤᠬᠠᠢ ᠰᠦᠪᠡᠭᠴᠢᠯᠡᠯ |
作者 |
ᠢᠦᠢ ᠷᠦᠩ |
关键词 |
ᠮᠣᠩᠭᠤᠯ ᠵᠠᠩ ᠦᠢᠯᠡ ᠶᠢᠨ ᠣᠢᠯᠠᠯᠭ᠎ᠠ︔ ᠪᠦᠷᠢᠯᠳᠦᠭᠰᠡᠨ ᠶᠠᠪᠤᠴᠠ︔ ᠪᠢᠴᠢᠯᠭᠡ ᠶᠢᠨ ᠠᠷᠭ᠎ᠠ︔ ᠪᠣᠳᠤᠯᠬᠢᠯᠠᠯ |
摘要 |
ᠣᠳᠤᠬᠠᠨ ᠤ ᠵᠠᠩ ᠦᠢᠯᠡ ᠶᠢᠨ ᠣᠢᠯᠠᠯᠭ᠎ᠠ ᠶᠢᠨ ᠪᠢᠴᠢᠯᠭᠡ ᠶᠢᠨ ᠶᠠᠪᠤᠴᠠ ᠳ᠋ᠤ ᠪᠢᠴᠢᠯᠭᠡ ᠶᠢᠨ ᠬᠡᠪ ᠶᠠᠩᠵᠤ ᠨᠢ ᠵᠠᠭᠪᠤᠷᠴᠢᠯᠡᠭᠰᠡᠨ ᠂ ᠪᠢᠴᠢᠯᠭᠡ ᠶᠢᠨ ᠶᠠᠪᠤᠴᠠ ᠳ᠋ᠤ ᠠᠬᠤᠢ ᠲᠠᠯᠠᠪᠠᠢ ᠳ᠋ᠡᠬᠢ ᠬᠦᠮᠦᠨ ᠨᠢ ᠬᠠᠷᠠᠭᠳᠠᠬᠤ ᠦᠭᠡᠢ᠂ ᠲᠤᠬᠢᠶᠠᠯᠳᠤᠯ ᠤᠴᠠᠷᠠᠯ ᠤᠨ ᠢᠯᠡᠷᠡᠬᠦᠯᠦᠯ ᠦᠭᠡᠢ᠂ ᠠᠮᠢᠳᠤᠯᠢᠭ ᠴᠣᠪᠤᠭᠤᠯᠢᠭ ᠵᠠᠩ ᠦᠢᠯᠡ ᠶᠢᠨ ᠦᠭᠡ ᠶᠠᠷᠢᠶ ᠠ ᠪᠠᠨ ᠠᠯᠳᠠᠭᠰᠠᠨ᠂ ᠣᠷᠤᠨ ᠨᠤᠲᠤᠭ ᠤᠨ ᠰᠡᠳᠬᠢᠯᠭᠡ ᠲᠦᠷᠦᠭᠳᠡᠯ ᠢᠢᠡᠷ ᠳᠤᠲᠠᠮᠠᠭ ᠭᠡᠬᠦ ᠮᠡᠲᠦ ᠶᠢᠨ ᠬᠦᠷᠦᠯᠴᠡᠬᠦ ᠭᠡᠢ ᠲᠠᠯ ᠠ ᠣᠷᠤᠰᠢᠵᠤ ᠪᠠᠢᠳᠠᠭ᠃ ᠮᠣᠩᠭᠤᠯ ᠵᠠᠩ ᠦᠢᠯᠡ ᠶᠢᠨ ᠤᠢᠯᠠᠯᠭ᠎ᠠ ᠶᠢᠨ ᠪᠢᠴᠢᠯᠭᠡ ᠨᠢ ᠬᠦᠨᠵᠡᠭᠡᠢ ᠲᠦᠷᠰᠦᠯᠡᠨ ᠬᠦᠦᠷᠨᠢᠬᠦ᠂ ᠨᠠᠷᠢᠨ ᠲᠠᠢᠯᠪᠤᠷᠢᠯᠠᠬᠤ ᠪᠡᠷ ᠰᠠᠭᠤᠷᠡᠢ ᠪᠣᠯᠭᠠᠵᠤ ᠠᠯᠢ ᠪᠤᠯᠬᠤ ᠪᠡᠷ ᠪᠦᠬᠦᠯᠢ ᠴᠣᠭᠴᠠ ᠪᠡᠷ ᠬᠦᠦᠷᠨᠢᠬᠦ᠂ ᠲᠤᠩᠭᠠᠨ ᠳᠣᠳᠤᠬᠤ ᠵᠤᠷᠢᠰ ᠰᠠᠨᠠᠭ᠎ᠠ ᠵᠢ ᠪᠠᠷᠢᠮᠲᠠᠯᠠᠨ᠂ ᠣᠳᠤ ᠦᠶ ᠠ ᠶᠢᠨ ᠬᠡᠪᠯᠡᠯ ᠮᠡᠳᠡᠭᠡᠯᠡᠯ ᠢ ᠠᠰᠢᠭᠯᠠᠨ᠂ ᠠᠮᠢᠳᠤ ᠴᠠᠪᠤᠭᠤᠯᠢᠭ ᠵᠤᠬᠢᠶᠠᠨ ᠪᠢᠴᠢᠯᠭᠡ ᠶᠢᠨ ᠬᠡᠪ ᠨᠠᠮᠪᠠ ᠵᠢ ᠡᠷᠬᠢᠮᠯᠡᠵᠦ᠂ ᠪᠡᠶ ᠡ ᠪᠠᠨ ᠲᠠᠭᠠᠭᠠᠭᠰᠠᠨ ᠦᠪᠡᠷᠮᠢᠴᠡ ᠣᠨᠴᠠᠯᠢᠭ ᠪᠦᠬᠦᠢ ᠠᠷᠭ᠎ᠠ ᠶᠢᠨ ᠣᠨᠤᠯ ᠤᠨ ᠰᠢᠰᠲ᠋ᠸᠮ ᠢ ᠪᠦᠷᠢᠯᠳᠦᠬᠦᠯᠦᠨ᠂ ᠵᠠᠩ ᠦᠢᠯᠡ ᠶᠢᠨ ᠮᠠᠢᠳᠤᠷᠠᠯ ᠤᠨ ᠮᠦᠨ ᠴᠢᠠᠨᠷ ᠪᠤᠯᠤᠨ ᠤᠳᠬ ᠠ ᠠᠭᠤᠯᠭ᠎ᠠ ᠵᠢ ᠪᠡᠶᠡᠲᠦᠴᠢᠯᠡᠭᠰᠡᠨ ᠮᠠᠶᠢᠭ ᠢᠢᠡᠷ ᠢᠯᠡᠷᠡᠬᠦᠯᠬᠦ ᠴᠢᠬᠤᠯᠠᠲᠠᠢ᠃ |
原文 |
没有原文
|
出自 |
中国蒙古学
2023年
第5期
|