题名 |
ᠡᠷᠳᠡᠮᠲᠡᠭᠦᠰ ᠬᠢᠭᠡᠳ ᠲᠡᠭᠦᠨ ᠤ ᠵᠤᠬᠢᠶᠠᠯ ᠪᠦᠲᠦᠭᠡᠯ ᠤᠨ ᠰᠢᠨᠵᠢᠯᠡᠭᠡ |
作者 |
ᠨᠤᠭᠤᠨᠲᠠᠭᠤᠯᠠ |
关键词 |
ᠡᠷᠳᠡᠮᠲᠡᠭᠦᠰ︔ ᠵᠤᠬᠢᠶᠠᠨ ᠪᠦᠲᠦᠭᠡᠬᠦ ᠠᠵᠢᠯᠯᠠᠭ᠎ᠠ︔ ᠤᠷᠠᠨ ᠵᠤᠬᠢᠶᠠᠯ ᠤᠨ ᠦᠵᠡᠯᠲᠡ |
摘要 |
ᠲᠡᠭᠡᠷ ᠠ ᠵᠠᠭᠤᠨ ᠤ ᠲᠦᠴᠢᠭᠡᠳ ᠣᠨ ᠤ ᠡᠬᠢᠨ ᠤ ᠦᠶ ᠡ ᠪᠡᠷ ᠮᠣᠩᠭᠤᠯ ᠤᠷᠠᠨ ᠵᠤᠬᠢᠶᠠᠯ ᠤᠨ ᠲᠠᠪᠴᠠᠩ ᠳ᠋ᠤ ᠣᠯᠭᠤᠷᠠᠨ ᠭᠠᠷᠤᠭᠰᠠᠨ ᠨᠡᠷ ᠠ ᠨᠦᠯᠦᠭᠡ ᠶᠡᠬᠡᠲᠡᠢ ᠨᠢᠭᠡᠨ ᠵᠤᠬᠢᠶᠠᠯᠴᠢ ᠪᠣᠯ ᠬᠠᠷᠠᠴᠢᠨ ᠤ ᠡᠷᠳᠡᠮᠲᠡᠭᠦᠰ ᠪᠤᠯᠤᠨ᠎ᠠ᠃ ᠲᠡᠷᠡ ᠪᠡᠷ ᠰᠢᠯᠦᠭ᠂ ᠦᠭᠦᠯᠡᠯᠭᠡ᠂ ᠨᠠᠢᠷᠠᠭᠤᠯᠤᠯ᠂ ᠵᠦᠴᠦᠭᠡ᠂ ᠰᠢᠬᠦᠮᠵᠢ ᠦᠭᠦᠯᠡᠯ᠂ ᠰᠣᠨᠢᠨ ᠮᠡᠳᠡᠭᠡᠯᠡᠯ ᠵᠢᠴᠢ ᠣᠷᠴᠢᠭᠤᠯᠭ᠎ᠠ ᠶᠢᠨ ᠵᠤᠬᠢᠶᠠᠯ ᠵᠡᠷᠭᠡ ᠣᠠᠯᠠ ᠲᠦᠷᠦᠯ ᠤᠨ ᠵᠤᠬᠢᠶᠠᠯ ᠪᠦᠲᠦᠭᠡᠯ ᠲᠠᠢ ᠪᠠᠢᠭᠰᠠᠨ ᠪᠤᠯᠪᠠᠴᠤ ᠣᠷᠴᠢᠨ ᠦᠶ ᠠ ᠶᠢᠨ ᠮᠣᠩᠭᠤᠯ ᠤᠷᠠᠨ ᠵᠤᠬᠢᠶᠠᠯ ᠤᠨ ᠲᠡᠦᠬᠡᠨ ᠳ᠋ᠤ ᠲᠡᠮᠳᠡᠭᠯᠡᠭᠳᠡᠭᠡ ᠦᠭᠡᠢ ᠬᠤᠴᠤᠷᠴᠠᠢ᠃ ᠡᠷᠳᠡᠮᠲᠡᠭᠦᠰ ᠤᠨ ᠵᠤᠬᠢᠶᠠᠯ ᠪᠦᠲᠦᠭᠡᠯ ᠤᠳ ᠢ ᠪᠦᠷᠢᠳᠭᠡᠨ ᠰᠣᠳᠤᠯᠤᠭᠠᠳ᠂ ᠣᠷᠴᠢᠨ ᠦᠶ ᠡ ᠶᠢᠨ ᠮᠣᠩᠭᠤᠯ ᠤᠷᠠᠨ ᠵᠤᠬᠢᠶᠠᠯ ᠤᠨ ᠲᠦᠷᠦᠯ ᠵᠦᠢᠯ ᠲᠢᠭ ᠮᠠᠶᠢᠭ ᠢ ᠪᠠᠶᠠᠯᠢᠭᠵᠢᠭᠤᠯᠤᠨ᠂ ᠵᠤᠬᠢᠶᠠᠨ ᠪᠦᠦᠭᠡᠯᠴᠢ ᠠᠷᠭ᠎ᠠ ᠬᠡᠯᠪᠡᠷᠢ ᠵᠢ ᠰᠦᠪᠡᠭᠴᠢᠯᠡᠭᠰᠡᠨ ᠵᠢᠴᠢ ᠤᠷᠠᠨ ᠪᠦᠲᠦᠭᠡᠯᠭᠡ ᠶᠢᠨ ᠣᠯᠤᠨ ᠦᠵᠡᠯᠲᠡ ᠵᠢ ᠵᠤᠷᠢᠭᠲᠠᠢ ᠲᠤᠷᠠᠳᠴᠤ ᠦᠢᠯᠳᠦᠯᠭᠡᠵᠢᠬᠦᠯᠦᠭᠰᠡᠨ ᠵᠡᠷᠭᠡ ᠲᠠᠯ ᠠ ᠡᠴᠡ ᠨᠤᠲᠠᠯᠠᠨ ᠦᠭᠦᠯᠡᠵᠦ ᠪᠣᠯᠤᠨ᠎ᠠ᠃ |
原文 |
没有原文
|
出自 |
中国蒙古学
2023年
第4期
|