题名 |
ᠮᠣᠩᠭᠤᠯ ᠬᠡᠯᠡᠨ ᠳ᠋ᠡᠬᠢ ᠬᠡᠭᠡᠷ ᠠ ᠶᠢᠨ ᠠᠮᠢᠲᠠᠨ ᠤ ᠨᠡᠷᠡᠯᠡᠯᠲᠡ ᠶᠢᠨ ᠲᠤᠬᠠᠢ ᠰᠢᠨᠵᠢᠯᠡᠯ |
作者 |
ᠪᠤᠤ ᠰᠢᠶᠤᠤ |
关键词 |
ᠮᠣᠩᠭᠤᠯ ᠬᠡᠯᠡ︔ ᠬᠡᠭᠡᠷ ᠠ ᠶᠢᠨ ᠠᠮᠢᠲᠠᠨ︔ ᠦᠪᠡᠷᠮᠢᠴᠡ ᠣᠨᠴᠠᠯᠢᠭ |
摘要 |
ᠬᠡᠭᠡᠷ ᠠ ᠶᠢᠨ ᠠᠮᠢᠲᠠᠨ ᠤ ᠨᠡᠷ ᠡ ᠪᠣᠯ ᠮᠣᠩᠭᠤᠯ ᠬᠡᠯᠡᠨ ᠤ ᠦᠭᠡ ᠶᠢᠨ ᠰᠠᠩ ᠤᠨ ᠴᠢᠬᠤᠯᠠ ᠪᠦᠷᠢᠯᠳᠦᠬᠦᠨ ᠬᠡᠰᠡᠭ ᠮᠦᠨ᠂ ᠲᠡᠭᠦᠨ ᠢ ᠦᠭᠡᠰ ᠤᠨ ᠪᠦᠷᠢᠯᠳᠦᠬᠦᠨ ᠤ ᠲᠠᠯ ᠠ ᠪᠡᠷ ᠰᠢᠨᠵᠢᠯᠡᠪᠡᠯ᠂ ᠤᠯᠠᠮᠵᠢᠯᠠᠯ ᠶᠠᠷᠢᠶ ᠠ᠂ ᠦᠯᠢᠭᠡᠷ ᠲᠤᠮᠤᠭ ᠲᠤ ᠭᠠᠷᠳᠠᠭ ᠨᠡᠷ ᠠ᠂ ᠬᠠᠭᠤᠴᠢᠷᠠᠵᠤ ᠬᠡᠷᠡᠭᠯᠡᠭᠳᠡᠬᠦ ᠪᠠᠨ ᠪᠣᠯᠢᠭᠰᠠᠨ ᠡᠰᠡᠬᠦᠯ ᠠ ᠠᠪᠢᠶ ᠠ ᠬᠣᠪᠢᠷᠠᠭᠰᠠᠨ ᠪᠤᠶᠤ ᠪᠣᠰᠤᠳ ᠦᠭᠡ ᠪᠡᠷ ᠤᠷᠤᠯᠠᠭᠳᠠᠭᠰᠠᠨ ᠨᠡᠷ ᠠ ᠪᠠ ᠵᠢᠭᠡᠯᠡᠯᠭᠡ ᠨᠡᠷ ᠠ ᠵᠡᠷᠭᠡ ᠪᠡᠷ ᠠᠩᠭᠢᠯᠠᠵᠦ ᠪᠤᠯᠤᠨ᠎ᠠ᠃ ᠲᠠᠨᠢᠨ ᠮᠡᠳᠡᠬᠦᠢ ᠶᠢᠨ ᠬᠡᠯᠡ ᠰᠢᠨᠵᠢᠯᠡᠯ ᠤᠨ ᠡᠭᠦᠳᠡᠨ ᠡᠴᠡ ᠲᠠᠪᠤᠨ ᠬᠤᠰᠢᠭᠤ ᠮᠠᠯ ᠤᠨ ᠨᠡᠷᠡᠢᠳᠦᠯ ᠢᠢᠡᠷ ᠨᠡᠷᠡᠯᠡᠭᠰᠡᠨ ᠨᠡᠷ ᠠ᠂ ᠦᠩᠭᠡ ᠵᠢᠰᠤᠮ ᠢᠢᠡᠷ ᠨᠡᠷᠡᠯᠡᠭᠰᠡᠨ ᠨᠡᠷ ᠠ ᠭᠡᠭᠦᠴᠢᠯᠡᠨ ᠠᠩᠭᠢᠯᠠᠵᠤ ᠪᠤᠯᠤᠨ᠎ᠠ᠃ ᠬᠡᠯᠪᠡᠷᠢ ᠪᠦᠲᠦᠴᠡ ᠶᠢᠨ ᠲᠠᠯ ᠠ ᠪᠡᠷ ᠲᠠᠩ ᠦᠭᠡᠲᠦ ᠨᠡᠷ ᠠ᠂ ᠨᠡᠢᠯᠡᠮᠡᠯ ᠦᠭᠡᠲᠦ ᠨᠡᠷ ᠠ ᠪᠠ ᠬᠡᠳᠦᠨ ᠦᠭᠡ ᠵᠢ ᠲᠤᠪᠴᠢᠯᠠᠨ ᠤᠭᠰᠠᠷᠠᠵᠤ ᠪᠦᠲᠦᠭᠡᠭᠰᠡᠨ ᠨᠡᠷ ᠠ ᠭᠡᠬᠦ ᠮᠡᠲᠦ ᠪᠡᠷ ᠠᠩᠭᠢᠯᠠᠵᠤ ᠪᠣᠯᠳᠠᠭ᠃ ᠡᠳᠡᠭᠡᠷ ᠨᠢ ᠮᠣᠩᠭᠤᠯ ᠬᠡᠯᠡᠨ ᠤ ᠦᠭᠡ ᠶᠢᠨ ᠪᠦᠲᠦᠴᠡ ᠵᠢ ᠰᠢᠨᠵᠢᠢᠯᠡᠬᠦ ᠳ᠋ᠤ ᠴᠢᠬᠤᠯᠠ ᠪᠠᠷᠢᠮᠲᠠ ᠮᠠᠲ᠋ᠸᠷᠢᠶᠠᠯ ᠪᠣᠯᠬᠤ ᠶᠤᠮ᠃ |
原文 |
没有原文
|
出自 |
中国蒙古学
2023年
第4期
|