题名 |
ᠰᠢᠷᠠᠪ ᠬᠤᠭᠤᠷᠴᠢ ᠶᠢᠨ 《ᠨᠢᠰᠬᠦ ᠪᠠᠷᠰ ᠤᠨ ᠵᠠᠩᠵᠤᠨ ᠮᠠ ᠴᠤᠤ》 ᠳ᠋ᠡᠬᠢ ᠬᠣᠯᠪᠤᠭ᠎ᠠ ᠶᠢᠨ ᠰᠢᠨᠵᠢᠯᠡᠯ |
作者 |
ᠴᠣᠭᠲᠤ |
关键词 |
ᠰᠢᠷᠠᠪ ᠬᠤᠭᠤᠷᠴᠢ︔ 《 ᠭᠤᠷᠪᠠᠨ ᠤᠯᠤᠰ ᠤᠨ ᠦᠯᠢᠭᠡᠷ》︔ 《 ᠨᠢᠰᠬᠦ ᠪᠠᠷᠰ ᠤᠨ ᠵᠠᠩᠵᠦᠨ ᠮᠠ ᠴᠣᠣ》︔ ᠬᠣᠯᠪᠤᠭ᠎ᠠ ᠰᠢᠯᠦᠭ |
摘要 |
ᠰᠢᠷᠡᠪ ᠬᠤᠭᠤᠷᠴᠢ 《 ᠭᠤᠷᠪᠠᠨ ᠤᠯᠤᠰ ᠤᠨ ᠦᠯᠢᠭᠡᠷ》 ᠤᠨ ᠨᠢᠭᠡᠨ ᠬᠡᠰᠡᠭ 《 ᠨᠢᠰᠬᠦ ᠪᠠᠷᠰ ᠤᠨ ᠵᠠᠩᠵᠤᠨ ᠮᠠ ᠴᠣᠣ》 ᠭᠡᠬᠦ ᠬᠤᠭᠤᠷ ᠤᠨ ᠦᠯᠢᠭᠡᠷ ᠢᠢᠡᠨ ᠦᠨᠳᠦᠰᠦᠨ ᠳ᠋ᠤ ᠪᠠᠨ ᠪᠦᠷ ᠬᠣᠯᠪᠤᠭ᠎ᠠ ᠰᠢᠯᠦᠭ ᠤᠨ ᠬᠡᠯᠪᠡᠷᠢ ᠪᠡᠷ ᠬᠣᠯᠪᠤᠨ ᠲᠠᠭᠤᠯᠠᠭᠰᠠᠨ ᠶᠤᠮ᠃ ᠲᠡᠭᠦᠨ ᠳ᠋ᠤ ᠬᠤᠭᠤᠷ ᠤᠨ ᠦᠯᠢᠭᠡᠷ ᠤᠨ ᠴᠢᠮᠡᠭ ᠬᠣᠯᠪᠤᠭ᠎ᠠ ᠪᠤᠶᠤ ᠬᠡᠪᠰᠢᠮᠡᠯ ᠬᠡᠯᠡᠯᠭᠡ᠂ ᠪᠦᠯᠦᠭ ᠤᠨ ᠡᠬᠢᠨ ᠪᠠ ᠲᠤᠮᠳᠠᠬᠢ ᠬᠣᠯᠪᠤᠭ᠎ᠠ ᠰᠢᠯᠦᠭ᠂ ᠴᠢᠯᠦᠭᠡᠲᠦ ᠬᠣᠯᠪᠤᠭ᠎ᠠ ᠰᠢᠯᠦᠭ᠂ ᠤᠤᠯ ᠡᠬᠡ ᠳ᠋ᠡᠬᠢ ᠰᠢᠯᠦᠭ ᠢ ᠦᠭᠡᠷᠡᠴᠢᠯᠡᠨ ᠵᠤᠬᠢᠶᠠᠭᠰᠠᠨ ᠬᠣᠯᠪᠤᠭ᠎ᠠ ᠰᠢᠯᠦᠭ ᠵᠡᠷᠭᠡ ᠪᠠᠭᠲᠠᠭᠳᠠᠵᠤ ᠪᠤᠢ᠃ ᠬᠤᠭᠤᠷᠢ ᠵᠠᠷᠢᠮ ᠳ᠋ᠤ ᠪᠠᠨ ᠤᠤᠯ ᠡᠬᠡ ᠶᠢᠨ ᠮᠣᠩᠭᠤᠯ ᠣᠷᠴᠢᠭᠤᠯᠭ᠎ᠠ ᠶᠢᠨ ᠰᠢᠯᠦᠭ ᠢ ᠯᠠᠪᠯᠠᠯᠲᠠ ᠪᠣᠯᠭᠠᠵᠤ ᠦᠪᠡᠷ ᠤᠨ ᠰᠢᠯᠦᠭ ᠬᠣᠯᠪᠤᠭ᠎ᠠ ᠳ᠋ᠤ ᠪᠠᠨ ᠠᠭᠤᠰᠬᠠᠨ ᠣᠷᠤᠭᠤᠯᠵᠤ ᠪᠠᠢᠭᠰᠠᠨ ᠪᠣᠯᠪᠠᠴᠤ ᠣᠯᠨᠩᠬᠢ ᠬᠣᠯᠪᠤᠭ᠎ᠠ ᠰᠢᠯᠦᠭ ᠢ ᠪᠦᠷ ᠦᠪᠡᠷᠲᠡᠭᠡᠨ ᠰᠢᠨ᠎ᠠ ᠪᠡᠷ ᠵᠤᠬᠢᠶᠠᠵᠤ ᠬᠡᠯᠡᠭᠰᠡᠨ ᠪᠠᠢᠨ᠎ᠠ᠃ᠰᠢᠷᠠᠪ ᠬᠤᠭᠤᠷᠴᠢ ᠵᠢ ᠦᠷᠭᠡᠨ ᠣᠯᠠᠨ ᠰᠣᠨᠤᠰᠤᠭᠴᠢᠳ《 ᠰᠢᠯᠦᠭ ᠤᠨ ᠲᠠᠯᠠᠢ ᠰᠢᠷᠡᠪ》︔《 ᠰᠠᠬᠢᠭᠤᠯᠰᠤᠨ ᠬᠤᠭᠤᠷᠴᠢ ᠰᠢᠷᠡᠪ》ᠭᠡᠵᠦ ᠨᠡᠷᠡᠯᠡᠨ ᠬᠡᠯᠡᠳᠡᠭ ᠨᠢ ᠪᠤᠷᠤᠭᠤ ᠦᠭᠡᠢ᠃ |
原文 |
没有原文
|
出自 |
中国蒙古学
2023年
第3期
|