摘要 |
ᠠᠽᠢᠶ ᠠ ᠶᠢᠨ ᠢᠰᠡᠭᠡᠢ ᠲᠤᠭᠤᠷᠭᠠᠲᠠᠨ ᠤ ᠲᠤᠳᠤᠷ ᠠ ᠡᠴᠡ 13ᠵᠠᠭᠤᠨ ᠤ ᠦᠶ ᠠ ᠳ᠋ᠤ ᠲᠡᠦᠭᠡ ᠶᠢᠨ ᠲᠠᠢᠰᠠᠨ᠎ᠠ ᠭᠠᠷᠴᠤ ᠢᠷᠡᠭᠰᠡᠨ ᠮᠣᠩᠭᠤᠯ ᠬᠡᠮᠡᠬᠦ ᠠᠷᠠᠳ ᠲᠦᠮᠡᠨ ᠤ ᠨᠡᠷ ᠠ ᠠᠯᠳᠠᠷ ᠶᠢᠷᠲᠢᠨᠴᠦ ᠶᠢᠨ ᠲᠦᠷᠪᠡᠨ ᠵᠦᠭ ᠨᠠᠢᠮᠠᠨ ᠵᠤᠪᠬᠢᠰ ᠲᠤ ᠦᠷᠭᠡᠨ ᠲᠠᠷᠬᠠᠵᠠᠢ᠃ᠲᠡᠯᠡᠬᠡᠢ ᠶᠢᠨ ᠪᠦᠮᠪᠦᠷᠴᠷᠭ ᠤᠨ ᠲᠠᠩ ᠬᠠᠭᠠᠰ ᠢ ᠡᠵᠡᠮᠰᠢᠯ ᠳ᠋ᠡᠭᠡᠨ ᠣᠷᠤᠭᠤᠯᠤᠭᠰᠠᠨ ᠮᠣᠷᠢᠲᠠᠨ ᠡᠨᠡ ᠠᠷᠠᠳ ᠲᠦᠮᠡᠨ ᠤ ᠲᠦᠭᠡ ᠵᠢ 1240ᠸᠨ ᠤ ᠲᠤᠯᠤᠳᠤᠭᠠᠷ ᠰᠠᠷ ᠠ ᠳ᠋ᠤ ᠭᠡᠷᠦᠯᠦᠨ ᠤ ᠬᠦᠳᠡᠭᠡ ᠠᠷᠠᠯ ᠭᠡᠳᠡᠭ ᠭᠠᠵᠠᠷ ᠲᠤ ᠬᠡᠨᠲᠡᠢ ᠠᠢᠮᠠᠭ ᠤᠨ ᠤᠲᠤᠭ ᠲᠤ ᠨᠡᠷ ᠠ ᠦᠮᠦ ᠮᠡᠳᠡᠭᠳᠡᠬᠦ ᠪᠢᠴᠢᠭ ᠤᠨ ᠬᠦᠮᠦᠨ ᠵᠤᠬᠢᠶᠠᠭᠰᠠᠨ ᠨᠢ 《 ᠨᠢᠭᠤᠴᠠ ᠲᠡᠦᠭᠡ》 ᠪᠣᠯᠤᠨ ᠶᠡᠬᠡ ᠡᠵᠡᠨ ᠤ ᠨᠡᠷ ᠠ ᠠᠯᠳᠠᠷ ᠡᠴᠡ ᠲᠤᠳᠠᠬᠤ ᠦᠭᠡᠢ ᠠᠯᠳᠠᠷᠰᠢᠵᠦ ᠡᠳᠦᠭᠡ750 ᠵᠢᠯ ᠤᠨ ᠣᠢ ᠵᠢ ᠲᠡᠮᠳᠡᠭᠯᠡᠬᠦ ᠪᠡᠷ ᠪᠡᠯᠡᠳᠭᠡᠵᠦ ᠪᠠᠢᠨ᠎ᠠ᠃ |