摘要 |
ᠤᠳᠬ ᠠ ᠵᠤᠬᠢᠶᠠᠯ ᠤᠨ ᠵᠤᠬᠢᠶᠠᠨ ᠪᠦᠲᠦᠭᠡᠯᠭᠡ ᠶᠢᠨ ᠤᠷᠠᠨ ᠮᠡᠷᠭᠡᠰᠢᠯ ᠭᠡᠳᠡᠭ ᠨᠢ ᠵᠤᠬᠢᠶᠠᠯᠴᠢᠳ ᠤᠨ ᠵᠤᠬᠢᠶᠠᠨ ᠪᠦᠲᠦᠭᠡᠬᠦ ᠠᠵᠢᠯᠯᠠᠭᠠᠨ ᠤ ᠲᠤᠮᠳᠠᠬᠢ ᠤᠷᠠᠯᠢᠭ ᠤᠨ ᠪᠣᠯᠪᠠᠰᠤᠷᠠᠭᠤᠯᠤᠯ ᠪᠣᠯᠤᠨ ᠤᠷᠠᠯᠢᠭ ᠤᠨ ᠢᠯᠡᠷᠡᠬᠦᠯᠦᠯ ᠤᠨ ᠠᠪᠢᠶᠠᠰ ᠴᠢᠳᠠᠪᠤᠷᠢ ᠵᠢ ᠵᠢᠭᠠᠳᠠᠭ᠃ ᠵᠤᠬᠢᠶᠠᠯᠴᠢᠳ ᠤᠨ ᠵᠤᠬᠢᠶᠠᠨ ᠪᠦᠲᠦᠭᠡᠯᠭᠡ ᠶᠢᠨ ᠶᠠᠪᠤᠴᠠ ᠳ᠋ᠡᠬᠢ ᠮᠠᠲ᠋ᠸᠠᠷᠢᠶᠠᠯ ᠤᠨ ᠬᠤᠷᠲᠠᠮᠳᠤᠭᠤᠯᠤᠯ᠂ ᠰᠡᠳᠦᠪ ᠰᠤᠩᠭᠤᠯᠲᠠ᠂ ᠡᠰᠭᠡᠯᠲᠡᠮ ᠵᠤᠬᠢᠶᠠᠮᠵᠢᠯᠠᠬᠤ᠂ ᠬᠣᠯᠪᠤᠨ ᠪᠣᠳᠤᠬᠤ᠂ ᠵᠤᠬᠢᠶᠠᠨ ᠪᠣᠳᠤᠬᠤ᠂ ᠦᠢᠯᠡ ᠶᠠᠪᠤᠳᠠᠯ ᠤᠨ ᠪᠣᠯᠪᠠᠰᠤᠷᠠᠭᠤᠯᠤᠯᠲᠠ᠂ ᠲᠦᠷᠰᠦᠯᠢᠭᠵᠢᠬᠦᠯᠬᠦ᠂ ᠤᠳᠬ ᠠ ᠰᠠᠨᠠᠭ᠎ᠠ ᠵᠢ ᠪᠣᠯᠪᠠᠰᠤᠷᠠᠭᠤᠯᠬᠤ᠂ ᠬᠡᠪ ᠰᠢᠨᠵᠢᠬᠦᠯᠬᠦ᠂ ᠬᠡᠪ ᠰᠢᠨᠵᠢᠲᠦ ᠵᠠᠩ ᠴᠢᠠᠨᠷ ᠢ ᠲᠦᠯᠦᠪᠰᠢᠬᠦᠯᠦᠨ ᠬᠡᠪ ᠰᠢᠨᠵᠢᠲᠦ ᠲᠦᠷᠢ ᠵᠢ ᠪᠦᠲᠦᠭᠡᠬᠦ᠂ ᠬᠡᠪ ᠰᠢᠨᠵᠢᠲᠦ ᠤᠷᠴᠢᠨ ᠲᠤᠭᠤᠷᠢᠨ ᠢ ᠪᠦᠷᠢᠯᠳᠦᠬᠦᠯᠬᠦ ᠂ ᠬᠡᠯᠡ ᠨᠠᠢᠷᠠᠭᠤᠯᠭ᠎ᠠ ᠵᠢ ᠬᠡᠷᠡᠭᠯᠡᠬᠦ ᠪᠠ ᠤᠷᠠᠯᠢᠭ ᠤᠨ ᠢᠯᠡᠳᠭᠡᠬᠦ ᠠᠷᠭ᠎ᠠ ᠪᠠᠷᠢᠯ ᠢ ᠬᠡᠷᠡᠭᠯᠡᠬᠦ ᠵᠡᠷᠭᠡ ᠳ᠋ᠤ ᠪᠦᠷ ᠤᠷᠠᠯᠢᠭ ᠤᠨ ᠮᠡᠷᠭᠡᠰᠢᠯ ᠬᠡᠷᠡᠭᠲᠡᠢ ᠪᠦᠭᠡᠳ ᠡᠳᠡᠭᠡᠷ ᠢ ᠴᠣᠬᠤᠮ ᠬᠦ ᠦᠪᠡᠷᠮᠢᠴᠡ᠂ ᠪᠦᠲᠦᠭᠡᠮᠴᠢ ᠪᠡᠷ ᠬᠡᠷᠡᠭᠵᠢᠬᠦᠯᠦᠭᠰᠡᠨ ᠪᠠᠢᠪᠠᠯ ᠰᠠᠶᠢ ᠤᠷᠠᠨ ᠮᠡᠷᠭᠡᠰᠢᠯ ᠪᠤᠢ ᠪᠤᠯᠳᠠᠭ᠃ |