摘要 |
ᠮᠣᠩᠭᠤᠯᠴᠤᠳ ᠤᠨ ᠠᠨᠳᠠᠭᠠᠢ ᠲᠠᠩᠭᠠᠷᠢᠭ ᠬᠢᠭᠡᠳ ᠠᠨᠳᠠ ᠨᠦᠬᠦᠷ ᠤᠨ ᠶᠣᠰᠤᠨ ᠪᠣᠯ ᠮᠣᠩᠭᠤᠯ ᠤᠨ ᠨᠡᠢᠭᠡᠮ ᠤᠨ ᠬᠦᠭᠵᠢᠯ ᠪᠣᠯᠤᠨ ᠠᠵᠦ ᠠᠬᠤᠢ ᠶᠢᠨ ᠠᠮᠢᠳᠤᠷᠠᠯ ᠤᠨ ᠵᠤᠬᠢᠬᠤ ᠱᠠᠲᠤᠨ ᠳ᠋ᠤ ᠬᠦᠭᠵᠢᠭᠰᠡᠨ ᠬᠠᠭᠤᠴᠢᠨ ᠤ ᠵᠠᠩᠰᠢᠯ ᠤᠨ ᠬᠡᠯᠪᠡᠷᠢ ᠪᠣᠯᠤᠨ᠎ᠠ᠃ ᠡᠨᠡᠬᠦ ᠵᠠᠩᠰᠢᠯ ᠤᠨ ᠬᠡᠯᠪᠡᠷᠢ ᠵᠢ 《 ᠮᠣᠩᠭᠤᠯ ᠤᠨ ᠨᠢᠭᠤᠴᠠ ᠲᠣᠪᠴᠢᠶᠠᠨ》 ᠳ᠋ᠤ ᠣᠪᠤᠭ ᠤᠨ ᠪᠠᠢᠭᠤᠯᠤᠯ ᠤᠨ ᠦᠯᠡᠳᠡᠭᠳᠡᠯ ᠶᠣᠰᠤᠨ ᠣᠪᠤᠭ ᠤᠨ ᠬᠤᠷᠠᠯᠳᠠᠢ᠂ ᠲᠡᠭᠡᠳᠦᠰ ᠤᠨ ᠲᠠᠢᠯᠭ᠎ᠠ᠂ ᠤᠷᠤᠭ ᠬᠣᠷᠢᠮ ᠤᠨ ᠪᠠ ᠦᠪ ᠵᠠᠯᠭᠠᠮᠵᠢᠯᠠᠬᠤ ᠶᠣᠰᠤᠨ ᠯᠤᠭ᠎ᠠ ᠬᠠᠮᠲᠤ ᠲᠡᠮᠳᠡᠭᠯᠡᠨ ᠬᠣᠴᠤᠷᠭᠠᠵᠤ ᠮᠣᠩᠭᠤᠯ ᠤᠨ ᠨᠡᠢᠭᠡᠮ ᠣᠪᠤᠭ ᠲᠦᠷᠦᠯ ᠤᠨ ᠪᠠᠢᠭᠤᠯᠤᠯ ᠡᠴᠡ ᠹᠸᠤᠳᠠᠯ ᠤᠨ ᠪᠠᠢᠭᠤᠯᠤᠯ ᠳ᠋ᠤ ᠰᠢᠯᠵᠢᠵᠦ ᠪᠠᠢᠭᠰᠠᠨ ᠨᠡᠢᠭᠡᠮ ᠤᠨ ᠶᠡᠬᠡ ᠤᠷᠤᠭᠰᠢᠯᠠᠯᠲᠠ ᠵᠢ ᠲᠤᠰᠬᠠᠨ ᠦᠵᠡᠭᠦᠯᠦᠭᠰᠡᠨ ᠪᠠᠢᠳᠠᠭ᠃ |