摘要 |
ᠠᠭᠤᠯᠠ ᠤᠰᠤ ᠣᠪᠤᠭ ᠠ ᠱᠠᠩᠰᠢ ᠶᠢᠨ ᠲᠠᠬᠢᠯᠭ᠎ᠠ ᠶᠢᠨ ᠵᠤᠬᠢᠶᠠᠯ ᠮᠣᠩᠭᠤᠯᠴᠤᠳ ᠡᠬᠡ ᠭᠠᠵᠠᠷ ᠪᠸᠯ ᠲᠦᠮᠡᠨ ᠪᠸᠳᠠᠰ ᠢ ᠲᠦᠯᠵᠢᠬᠦᠯᠦᠨ ᠡᠵᠡᠳ ᠰᠠᠬᠢᠭᠤᠰᠤ ᠮᠦᠨ ᠭᠡᠳᠡᠭ ᠪᠦᠭᠡᠳ ᠨᠤᠲᠤᠭ ᠤᠰᠤᠨ ᠳ᠋ᠤ ᠴᠦᠮ ᠨᠠᠪᠳᠠᠭ ᠱᠠᠪᠳᠠᠭ ᠲᠠᠢ ᠭᠡᠰᠡᠨ ᠰᠦᠰᠦᠭ ᠪᠢᠰᠢᠷᠡᠯ ᠢ ᠪᠠᠷᠢᠵᠦ᠂ ᠤᠨᠴᠠᠯᠢᠭ ᠪᠦᠬᠦᠢ ᠠᠭᠤᠯᠠ ᠬᠠᠢᠷᠬᠠᠨ ᠭᠤᠤᠯ ᠮᠦᠷᠡᠨ ᠢ ᠲᠠᠬᠢᠯᠭ᠎ᠠ ᠶᠢᠨ ᠠᠭᠤᠯᠠ ᠤᠰᠤ ᠪᠤᠯᠭᠠᠳᠠᠭ᠃ ᠰᠤᠷᠪᠤᠯᠵᠢ ᠪᠢᠴᠢᠭ ᠡᠴᠡ ᠦᠵᠡᠪᠡᠯ ᠤᠷᠠᠳ ᠤᠨ ᠮᠤᠨᠠ ᠠᠭᠤᠯᠠ ᠪᠸᠯ ᠲᠠᠬᠢᠯᠭ᠎ᠠ ᠶᠢᠨ ᠶᠡᠬᠡ ᠠᠭᠤᠯᠠ ᠪᠠᠢᠵᠠᠢ᠃ ᠡᠨᠡ ᠲᠤᠬᠠᠢ ᠠᠷᠠᠳ ᠤᠨ ᠮᠡᠷᠭᠡᠨ ᠭᠡᠭᠡᠨ ᠤ《ᠮᠣᠨᠠ ᠬᠠᠨ ᠤ ᠰᠠᠩ》᠂《ᠲᠡᠭᠦᠰ ᠴᠣᠭᠲᠤ ᠮᠣᠨᠠ ᠬᠠᠭᠠᠨ ᠤ ᠲᠡᠯᠭᠡᠷᠡᠩᠭᠦᠢ ᠦᠴᠢᠭ ᠲᠠᠬᠢᠯ ᠣᠷᠤᠰᠢᠪᠠ》ᠭᠡᠬᠦ ᠯᠡᠮᠡ ᠶᠢᠨ ᠱᠠᠰᠢᠨ ᠤ ᠠᠯᠳᠠᠷᠲᠠᠢ ᠪᠦᠲᠦᠭᠡᠯ ᠪᠤᠢ᠃ |