摘要 |
ᠮᠣᠨᠭᠤᠯ ᠬᠡᠯᠡ ᠰᠣᠳᠤᠯᠤᠭᠴᠢᠳ ᠲᠤᠯᠢ ᠪᠢᠴᠢᠭ ᠤᠨᠠᠰᠠᠭᠤᠳᠠᠯ ᠲᠡᠭᠡᠷ ᠠ ᠦᠶ ᠡ ᠡᠴᠡ ᠠᠩᠬᠠᠷᠤᠯ ᠢᠢᠡᠨ ᠬᠠᠨᠳᠤᠭᠯᠤᠤᠭᠰᠠᠭᠠᠷ ᠢᠷᠡᠭᠰᠡᠨ᠃ ᠡᠢᠮᠦ ᠡᠴᠡ ᠮᠣᠩᠭᠤᠯ ᠬᠡᠯᠡ ᠰᠣᠳᠤᠯᠤᠯ ᠤᠨ ᠬᠦᠷᠢᠶᠡᠨ ᠳ᠋ᠤ ᠲᠤᠯᠢ ᠵᠦᠢ ᠵᠢ ᠤᠯᠠᠮᠵᠢᠯᠠᠯᠲᠤ ᠰᠠᠯᠪᠤᠷᠢ ᠤᠬᠠᠭᠠᠨ ᠭᠡᠵᠦ ᠦᠵᠡᠬᠦ ᠪᠦᠷᠢᠨ ᠦᠨᠳᠦᠰᠦᠲᠡᠢ᠃ ᠡᠨᠡᠨ ᠰᠠᠯᠪᠤᠷᠢ ᠰᠢᠨᠵᠢᠯᠡᠬᠦ ᠤᠬᠠᠭᠠᠨ ᠤ ᠬᠦᠷᠢᠶᠡᠨ ᠳ᠋ᠤ ᠲᠠᠢᠯᠪᠤᠷᠢ ᠪᠤᠯᠤᠨ ᠤᠷᠴᠢᠭᠤᠯᠭ᠎ᠠ ᠶᠢᠨ ᠲᠤᠯᠢ᠂ ᠮᠦᠨ ᠲᠤᠰᠬᠠᠢ ᠲᠤᠯᠢ ᠵᠤᠬᠢᠶᠠᠬᠤ ᠲᠠᠯ ᠠ ᠪᠡᠷ ᠭᠠᠳᠠᠭᠠᠲᠤ ᠲᠤᠳᠤᠭᠠᠲᠤ ᠶᠢᠨ ᠮᠣᠩᠭᠤᠯᠴᠢ ᠡᠷᠳᠡᠮᠲᠡᠳ ᠤᠨ ᠤᠯᠠᠨᠵᠢᠯ ᠤᠨ ᠦᠷ ᠠ ᠳ᠋ᠦᠩ ᠳ᠋ᠤ ᠭᠠᠷᠤᠭᠰᠠᠨ ᠪᠦᠲᠦᠭᠡᠯ ᠤᠳ ᠨᠢ ᠮᠣᠩᠭᠤᠯ ᠬᠡᠯᠡᠨ ᠤ ᠲᠤᠯᠢ ᠵᠦᠢ ᠶᠢᠨ ᠰᠠᠯᠪᠤᠷᠢ ᠵᠢ ᠤᠯᠠᠮ ᠲᠤᠭᠲᠠᠯᠭᠠᠭᠠᠲᠠᠢ ᠪᠤᠯᠭᠠᠭᠰᠠᠨ ᠲᠡᠳᠦᠢ ᠦᠭᠡᠢ᠂ ᠡᠨᠡ ᠰᠠᠯᠪᠤᠷᠢ ᠳ᠋ᠤ ᠤᠯᠤᠭᠰᠠᠨ ᠠᠮᠵᠢᠯᠲ ᠠᠨᠤᠭᠤᠳ ᠢ ᠬᠡᠡᠯ ᠰᠢᠨᠵᠢᠯᠡᠯ ᠤᠨ ᠤᠨᠤᠯ ᠤᠨ ᠡᠭᠦᠳᠡᠨ ᠡᠴᠡ ᠨᠢᠭᠡᠳᠭᠡᠨ ᠳ᠋ᠦᠩᠨᠡᠬᠦ᠂ ᠮᠣᠩᠭᠤᠯ ᠬᠡᠯᠡᠨ ᠤ ᠲᠤᠯᠢ ᠪᠢᠴᠢᠭ ᠤᠳ ᠢ ᠬᠡᠯᠪᠡᠷᠢ᠂ ᠵᠤᠷᠢᠭᠤᠯᠤᠯᠲᠠ᠂ ᠪᠦᠲᠦᠴᠡ ᠶᠢᠨ ᠬᠢᠨᠢ ᠡᠭᠦᠳᠡᠨ ᠡᠴᠡ ᠠᠩᠬᠢᠯᠠᠨ ᠬᠤᠪᠢᠶᠠᠬᠤ ᠵᠡᠷᠭᠡ ᠲᠤᠯᠢ ᠪᠢᠴᠢᠭ ᠰᠣᠳᠤᠯᠤᠯ ᠤᠨ ᠠᠵᠢᠯ ᠢ ᠦᠷᠭᠡᠵᠢᠬᠦᠯᠦᠨ ᠭᠦᠭᠵᠢᠬᠦᠯᠬᠦ ᠲᠠᠭᠠᠲᠠᠢ ᠨᠦᠬᠦᠴᠡᠯ ᠢ ᠨᠢᠭᠡᠨᠲᠡ ᠪᠤᠢ ᠪᠤᠯᠭᠠᠵᠠᠢ᠃ |