摘要 |
ᠮᠣᠩᠭᠤᠯ ᠲᠤᠤᠯᠢ ᠰᠣᠳᠤᠯᠤᠯ ᠤᠨ ᠬᠦᠨᠵᠡᠭᠡᠢᠢᠷᠡᠯ ᠢ ᠲᠠᠭᠠᠯᠳᠤᠨ ᠡᠷᠳᠡᠮᠲᠡᠳ ᠲᠤᠤᠯᠢ ᠵᠢ ᠤᠯᠠᠨ ᠲᠠᠯ ᠠ ᠡᠴᠡ ᠰᠢᠨᠵᠢᠯᠡᠬᠦ ᠪᠤᠯᠵᠠᠢ᠃《 ᠠᠷᠪᠠᠨ ᠭᠤᠷᠪᠠᠨ ᠪᠦᠯᠦᠭᠲᠦ 《ᠵᠠᠩᠭᠠᠷ》 ᠤᠨ ᠭᠤᠸ ᠠ ᠤᠬᠠᠮᠰᠠᠷ》 ᠪᠸᠯ ᠲᠡᠳᠡᠭᠡᠷ ᠰᠣᠳᠤᠯᠤᠯ ᠤᠨ ᠲᠤᠳᠤᠷᠠᠬᠢ ᠨᠢᠭᠡᠨ ᠰᠢᠨ᠎ᠠ ᠪᠦᠲᠦᠭᠡᠯ ᠪᠤᠯᠬᠤ ᠶᠣᠮ᠃ ᠲᠤᠰ ᠨᠤᠮ ᠤᠨ ᠵᠤᠬᠢᠶᠠᠭᠴᠢ ᠭᠡᠷᠡᠯ ᠨᠦᠬᠦᠷ《ᠵᠠᠩᠭᠠᠷ 》 ᠤᠨ ᠪᠠᠷ ᠬᠡᠪᠯᠡᠯ ᠤᠳ ᠤᠨ ᠲᠤᠳᠤᠷ ᠠ ᠡᠴᠡ ᠠᠷᠪᠠᠨ ᠭᠤᠷᠪᠠᠨ ᠪᠦᠯᠦᠭᠲᠦ 《 ᠵᠠᠩᠭᠠᠷ》 ᠢ ᠰᠤᠩᠭᠤᠨ ᠠᠪᠴᠤ᠂ ᠭᠤᠤ ᠠ ᠵᠦᠢ ᠶᠢᠨ ᠡᠭᠦᠳᠡᠨ ᠡᠴᠡ ᠲᠡᠭᠦᠨ ᠳ᠋ᠤ ᠲᠤᠰᠬᠠᠭᠳᠠᠭᠰᠠᠨ ᠮᠣᠩᠭᠤᠯᠴᠤᠳ ᠤᠨ ᠭᠤᠤ ᠠ ᠤᠬᠠᠮᠰᠠᠷ ᠢ ᠲᠠᠯ ᠠ ᠪᠦᠬᠦᠨ ᠡᠴᠡ ᠰᠦᠪᠡᠭᠴᠢᠯᠡᠨ 《 ᠵᠠᠩᠭᠠᠷ》 ᠤᠨ ᠲᠤᠤᠯᠢ ᠶᠢᠨ ᠭᠤᠤ ᠠ ᠰᠠᠢᠬᠠᠨ ᠤ ᠦᠷᠲᠡᠭ ᠢ ᠲᠡᠭᠡᠳᠦ ᠬᠡᠮᠵᠢᠶ ᠠ ᠪᠡᠷ ᠬᠤᠷᠢᠶᠠᠩᠭᠤᠢᠯᠠᠨ ᠦᠭᠦᠯᠡᠵᠦ᠂ 《 ᠵᠠᠩᠭᠠᠷ》 ᠤᠨ ᠲᠤᠬᠠᠢ ᠰᠢᠨᠵᠢᠯᠡᠭᠡᠨ ᠤ ᠴᠠᠷ ᠠ ᠬᠦᠷᠢᠶ ᠠ ᠵᠢ ᠦᠷᠭᠡᠳᠭᠡᠬᠦ᠂ ᠰᠣᠳᠤᠯᠤᠯ ᠤᠨ ᠠᠷᠭ᠎ᠠ ᠬᠡᠯᠪᠡᠷᠢ ᠪᠠ ᠵᠤᠭᠰᠤᠴᠠ ᠵᠢ ᠰᠢᠨᠡᠳᠭᠡᠬᠦ᠂ ᠮᠡᠳᠡᠯᠭᠡᠮᠡᠳᠡᠴᠡ ᠬᠢᠭᠡᠳ ᠦᠵᠡᠯᠲᠡ ᠲᠠᠨᠢᠯᠲᠠ ᠵᠢ ᠨᠡᠮᠡᠭᠳᠡᠬᠦᠯᠬᠦ ᠲᠠᠯ ᠠ ᠪᠡᠷ ᠢᠳᠡᠪᠬᠢᠲᠡᠢ ᠬᠤᠪᠢ ᠨᠡᠮᠡᠷᠢ ᠦᠵᠡᠬᠦᠯᠦᠭᠰᠡᠨ ᠪᠠᠢᠨ᠎ᠠ᠃ |