摘要 |
《 ᠦᠨᠢᠷ ᠴᠡᠴᠡᠭ》 ᠰᠡᠳᠬᠦᠯ ᠤᠨ 1999ᠸᠨ ᠤ ᠭᠤᠷᠪᠠᠳᠤᠭᠠᠷ ᠬᠤᠭᠤᠴᠠᠭᠠᠨ ᠳ᠋ᠤ ᠨᠡᠢᠲᠡᠯᠡᠭᠳᠡᠭᠰᠡᠨ 《 ᠰᠢᠨ᠎ᠠ ᠠᠮᠢᠯᠠᠯ》 ᠭᠡᠳᠡ ᠦᠭᠦᠯᠡᠯᠭᠡ ᠪᠤᠯ ᠤᠨᠰᠢᠭᠴᠢᠳ ᠢᠢᠡᠨ ᠨᠦᠯᠦᠡᠯᠡᠵᠦ ᠴᠢᠳᠠᠭᠰᠠᠨ ᠨᠢᠭᠡᠨ ᠤᠩᠰᠢᠪᠤᠷᠢᠲᠠᠢ ᠵᠤᠬᠢᠶᠠᠯ ᠪᠤᠯᠤᠨ᠎ᠠ᠃ ᠲᠤᠰ ᠵᠤᠬᠢᠶᠠᠯ ᠳ᠋ᠤ ᠨᠢᠭᠡᠳᠦᠭᠡᠷ ᠪᠡᠶ ᠠ《 ᠪᠢ》 ᠶᠢᠨ ᠰᠤᠷᠭᠠᠭᠤᠯᠢ ᠳ᠋ᠠᠭᠠᠨ ᠵᠤᠭᠤᠰ ᠤᠯᠬᠤ ᠪᠡᠷ ᠬᠠᠮᠢᠶ ᠠ ᠪᠦᠬᠦᠢ ᠪᠠᠢᠭᠤᠯᠤᠯᠭ᠎ᠠ ᠨᠤᠭᠤᠳ ᠤᠨ ᠡᠭᠦᠳᠡᠨ ᠵᠢ ᠲᠡᠳᠡᠨ ᠪᠠᠳᠢᠷᠯᠠᠵᠤ ᠶᠠᠪᠤᠭᠰᠠᠨ ᠶᠠᠪᠤᠳᠠᠯ ᠢᠢᠡᠷ ᠰᠦᠪᠡᠭᠴᠢ ᠪᠤᠯᠭᠠᠨ ᠦᠢᠯᠡ ᠶᠠᠪᠤᠳᠠᠯ ᠲᠡᠯᠭᠡᠭᠳᠡᠳᠡᠭ᠃ ᠵᠤᠬᠢᠶᠠᠯ ᠤᠨ ᠦᠢᠯᠡ ᠶᠠᠪᠤᠳᠠᠯ ᠤᠨ ᠬᠦᠭᠵᠢᠯᠲᠡ ᠳ᠋ᠤ《 ᠪᠢ 》 ᠬᠠᠮᠢᠶ ᠠ ᠪᠦᠬᠦᠢ ᠪᠠᠢᠭᠤᠯᠤᠯᠭ᠎ᠠ ᠡᠴᠡ ᠵᠤᠭᠤᠰ ᠤᠯᠤᠵ ᠴᠢᠳᠠᠭ᠎ᠠ ᠦᠭᠡᠢ᠂ ᠬᠠᠷᠢᠨ 《 ᠬᠠᠮᠢᠶ ᠠ ᠦᠭᠡᠢ 》 ᠨᠢᠭᠡ ᠬᠦᠮᠦᠨ- ᠵᠠᠯᠰᠠᠨ ᠭᠡᠳᠡᠭ ᠵᠠᠯᠠᠭᠤ ᠡᠴᠡ ᠲᠠᠪᠤᠨ ᠲᠦᠮᠡᠨ ᠲᠦᠭᠦᠷᠢᠭ ᠤᠯᠤᠭᠠᠳ ᠰᠡᠳᠬᠢᠯ ᠬᠦᠳᠡᠯᠵᠦ ᠪᠠᠢᠬᠤ ᠪᠡᠷ ᠦᠯᠢᠭᠡᠷ ᠲᠡᠭᠦᠰᠳᠡᠭ᠃ |