摘要 |
ᠲᠦᠷᠢ ᠲᠦᠷᠰᠦᠯᠢᠭ ᠢᠢᠡᠷ ᠠᠮᠢᠳᠤᠷᠠᠯ ᠢ ᠲᠤᠰᠬᠠᠨ ᠬᠠᠷᠠᠭᠤᠯᠬᠤ ᠨᠢ ᠤᠷᠠᠨ ᠵᠤᠬᠢᠶᠠᠯ ᠤᠨ ᠦᠨᠳᠦᠰᠦᠨ ᠤᠨᠴᠠᠯᠢᠭ ᠪᠤᠯᠬᠤ ᠵᠢ ᠬᠡᠨ ᠪᠦᠬᠦᠨ ᠮᠡᠳᠡᠨ᠎ᠠ᠃ ᠤᠶᠠᠩᠭ᠎ᠠ ᠶᠢᠨ ᠰᠢᠯᠦᠭ ᠤᠷᠠᠨ ᠵᠤᠬᠢᠶᠠᠯ ᠤᠨ ᠨᠢᠭᠡ ᠲᠦᠷᠦᠯ ᠵᠠᠨᠠᠷ ᠪᠤᠯᠤᠭᠰᠠᠨ ᠬᠤᠪᠢ ᠳ᠋ᠤ ᠲᠦᠷᠢ ᠲᠦᠷᠰᠦᠯᠢᠭ ᠢᠢᠡᠷ ᠠᠮᠢᠳᠤᠷᠠᠯ ᠢ ᠤᠶᠠᠩᠭᠠᠯᠠᠳᠠᠭ ᠤᠴᠢᠷᠲᠠᠢ᠃《ᠴᠦᠭᠡᠨ ᠪᠤᠰᠤ ᠤᠶᠠᠩᠭ᠎ᠠ ᠶᠢᠨ ᠰᠢᠯᠦᠭ ᠲᠡᠬᠢ ᠭᠤᠤᠯ ᠲᠦᠷᠢ ᠨᠢ ᠤᠶᠠᠩᠭᠠᠯᠠᠭᠴᠢ ᠦᠪᠡᠷ ᠤᠨ ᠡᠵᠡᠨ ᠪᠡᠶ ᠠ ᠨᠢ ᠮᠦᠨ ᠪᠠᠢᠳᠠᠭ》 ᠪᠤᠯᠪᠴᠤ ᠲᠡᠷᠡᠨ ᠢ ᠤᠯᠠᠩᠬᠢ ᠳ᠋ᠠᠭᠠᠨ ᠤᠨᠰᠢᠭᠴᠢᠳ ᠲᠠᠢ ᠰᠢᠭᠤᠳ ᠡᠰᠡᠷᠭᠦᠯᠡᠵᠦ ᠢᠯᠡᠷᠡᠳᠡᠭ ᠦᠭᠡᠢ᠂ ᠦᠭᠡᠷ ᠠ ᠪᠡᠷ ᠬᠡᠯᠡᠪᠡᠯ ᠲᠡᠷᠡᠨ ᠢ ᠪᠤᠳᠠᠳᠠᠢ ᠲᠦᠷᠰᠦᠯᠡᠨ ᠵᠢᠷᠤᠭᠯᠠᠭᠳᠠᠬᠤ ᠡᠳᠡᠭᠡᠳ ᠪᠢᠰᠢ ᠪᠠᠢᠵᠤ᠂ ᠨᠢᠭᠡ ᠪᠤᠯ ᠤᠩᠰᠢᠭᠴᠢᠳ ᠤᠨ ᠬᠤᠯᠪᠤᠨ ᠪᠤᠲᠤᠯᠲᠠ ᠤᠷᠠᠨ ᠰᠠᠨᠠᠭᠤᠯᠭ᠎ᠠ ᠪᠡᠷ ᠪᠦᠲᠦᠭᠰᠡᠨ《 ᠲᠦᠷᠢ》᠂ ᠡᠰᠡᠪᠡᠯ ᠤᠨᠰᠢᠭᠴᠢᠳ ᠲᠤ ᠰᠠᠨᠠᠭ᠎ᠠ ᠪᠤᠳᠤᠯ᠂ ᠦᠵᠡᠯ ᠰᠡᠳᠬᠢᠯᠭᠡ ᠪᠠᠨ ᠶᠠᠷᠢᠵᠦ ᠰᠠᠭᠤᠭ᠎ᠠ ᠰᠢᠯᠦᠭᠴᠢ ᠶᠢᠨ 《ᠤᠶᠤᠨ ᠤᠬᠠᠭᠠᠨ ᠤ ᠲᠦᠷᠢ ᠲᠦᠯᠦᠪ》 ᠪᠠᠢᠭ᠎ᠠ᠃ |