摘要 |
ᠮᠠᠰᠢ ᠡᠷᠲᠡ ᠦᠶ ᠠ ᠳ᠋ᠤ ᠡᠭᠦᠰᠦᠭᠰᠡᠨ ᠠᠨᠳᠠᠢ ᠨᠢ ᠪᠠᠷᠤᠭ ᠲᠤᠰ ᠵᠠᠭᠤᠨ ᠤ ᠡᠬᠢᠨ ᠬᠦᠷᠴᠦ ᠢᠷᠡᠲᠡᠯ ᠠ ᠦᠪᠦᠷ ᠮᠣᠩᠭᠤᠯ ᠤᠨ ᠵᠡᠬᠦᠨ ᠤᠷᠤᠨ ᠤ ᠬᠦᠷᠢᠶ ᠠ ᠬᠤᠰᠢᠭᠤ᠂ ᠮᠣᠩᠭᠤᠯᠵᠢᠨ ᠬᠤᠰᠢᠭᠤ᠂ ᠭᠣᠷᠯᠤᠰ᠂ ᠲᠠᠷᠬᠠᠨ ᠬᠤᠰᠢᠭᠤ ᠵᠡᠷᠭᠡ ᠭᠠᠵᠠᠷ ᠤᠨ ᠮᠣᠩᠭᠤᠯᠴᠠᠳ ᠤᠨ ᠲᠤᠮᠲᠠ ᠤᠯᠠᠮᠵᠢᠯᠠᠭᠳᠠᠵᠤ ᠪᠠᠢᠵᠠᠢ᠃ᠢᠯᠠᠩᠭᠤᠶ ᠠ ᠬᠦᠷᠢᠶ ᠠ ᠬᠤᠰᠢᠭᠤᠨ ᠳ᠋ᠤ ᠲᠤᠰ ᠵᠠᠭᠤᠨ ᠤ ᠲᠠᠪᠢᠭᠠᠳ ᠤᠨ ᠪᠤᠯᠳᠠᠯ ᠠ ᠤᠯᠠᠮᠵᠢᠯᠠᠭᠳᠠᠵᠤ ᠪᠠᠢᠭᠰᠠᠨ ᠮᠡᠳᠡᠭᠡ ᠪᠤᠢ᠃ ᠠᠨᠳᠠᠢ ᠪᠤᠯ ᠮᠣᠩᠭᠤᠯ ᠤᠨ ᠡᠷᠲᠡᠨ ᠤ ᠱᠠᠰᠢᠨ ᠰᠢᠲᠦᠯᠭᠡ᠂ ᠤᠷᠤᠭ ᠬᠤᠷᠢᠮ᠂ ᠡᠮᠡᠨᠭᠡᠯ ᠶᠢᠨ ᠲᠡᠦᠭᠡ ᠳ᠋ᠤ ᠬᠤᠯᠪᠤᠭᠳᠠᠬᠤ ᠪᠡᠷ ᠦᠯᠦ ᠪᠠᠷᠠᠮ ᠪᠦᠵᠢᠭ᠂ ᠬᠦᠭᠵᠢᠮ᠂ ᠰᠢᠯᠦᠭ ᠤᠨ ᠭᠤᠷᠪᠠᠰᠤᠯ ᠤᠷᠠᠯᠢᠭ ᠤᠨ ᠬᠡᠯᠪᠡᠷᠢ᠂ ᠰᠢᠯᠦᠭ ᠤᠨ ᠡᠭᠦᠰᠦᠯ ᠬᠦᠭᠵᠢᠯ ᠤᠨ ᠲᠡᠦᠭᠡ ᠵᠡᠷᠭᠡ ᠰᠣᠶᠤᠯ ᠤᠨ ᠤᠯᠠᠨ ᠲᠠᠯ ᠠ ᠶᠢᠨ ᠰᠣᠳᠤᠯᠤᠯ ᠳ᠋ᠤ ᠨᠢᠭᠲᠠ ᠬᠤᠯᠪᠤᠭᠳᠠᠬᠤ ᠶᠸᠮ᠃ |