题名 |
ᠴᠢᠩ ᠤᠯᠤᠰ ᠤᠨ ᠦᠶ᠎ᠡ ᠳᠦ ᠰᠢᠨᠵᠢᠶᠠᠩ ᠳᠤ ᠲᠠᠲᠠᠭᠳᠠᠭᠰᠠᠨ ᠴᠠᠬᠠᠷᠴᠤᠳ ᠤᠨ ᠠᠩᠬ᠎ᠠ ᠴᠤᠭᠯᠠᠷᠠᠵᠤ ᠮᠤᠷᠳᠠᠭᠰᠠᠨ ᠭᠠᠵᠠᠷ ᠤᠨ ᠲᠤᠬᠠᠢ |
作者 |
ᠪᠡ · ᠤᠶᠤᠨᠳᠠᠯᠠᠢ |
关键词 |
ᠰᠢᠨᠵᠢᠶᠠᠩ ᠳᠤ ᠲᠠᠲᠠᠭᠳᠠᠭᠰᠠᠨ ᠴᠠᠬᠠᠷᠴᠤᠳ; ᠠᠯᠳᠠᠢ ᠴᠡᠷᠢᠭ ᠦᠨ ᠦᠷᠲᠡᠭᠡ ᠵᠠᠮ; ᠶᠡᠬᠡ ᠨᠡᠭᠦᠳᠡᠯ ᠦᠨ ᠡᠬᠢᠨ ᠦ ᠴᠢᠭ |
摘要 |
ᠴᠢᠩ ᠤᠯᠤᠰ ᠤᠨ ᠲᠡᠭᠷᠢ ᠲᠡᠳᠭᠦᠭᠴᠢ ᠶᠢᠨ ᠦᠶ᠎ᠡ ᠳᠦ᠂ ᠴᠠᠬᠠᠷ ᠨᠠᠶᠮᠠᠨ ᠬᠤᠰᠢᠭᠤᠨ ᠠᠴᠠ ᠡᠷᠦᠬᠡ ᠴᠡᠷᠢᠭ ᠲᠠᠲᠠᠵᠤ ᠰᠢᠨᠵᠢᠶᠠᠩ ᠤᠨ ᠬᠢᠯᠢ ᠶᠢ ᠰᠠᠬᠢᠭᠤᠯᠬᠤ ᠪᠠᠷ ᠮᠤᠷᠳᠠᠭᠤᠯᠪᠠ᠃ ᠴᠠᠬᠠᠷᠴᠤᠳ ᠤᠨ ᠡᠨᠡ ᠤᠳᠠᠭᠠᠨ ᠤ ᠨᠡᠭᠦᠳᠡᠯ ᠨᠢ ᠴᠤᠬᠤᠮ ᠬᠠᠮᠢᠭ᠎ᠠ ᠠᠴᠠ ᠡᠬᠢᠯᠡᠭᠰᠡᠨ ᠪᠤᠢ ? ᠭᠡᠬᠦ ᠠᠰᠠᠭᠤᠳᠠᠯ ᠤᠨ ᠲᠤᠬᠠᠢ ᠰᠤᠳᠤᠯᠤᠭᠴᠢᠳ ᠤᠨ ᠦᠵᠡᠯᠲᠡ ᠠᠳᠠᠯᠢ ᠦᠭᠡᠢ ᠴᠦ ᠣᠳᠣ ᠶᠢᠨ ᠰᠢᠯᠢ ᠶᠢᠨ ᠭᠤᠤᠯ ᠠᠢᠮᠠᠭ ᠤᠨ ᠰᠢᠯᠤᠭᠤᠨ ᠬᠦᠬᠡ ᠬᠤᠰᠢᠭᠤᠨ ᠤ ᠳᠤᠤᠷᠠᠲᠤ ᠵᠢᠭᠠᠰᠤᠲᠠᠢ ᠣᠷᠴᠢᠮ ᠲᠦᠪᠯᠡᠷᠡᠵᠦ ᠮᠤᠷᠳᠠᠯ᠎ᠠ ᠭᠡᠬᠦ ᠳᠤᠷᠠᠳᠤᠯᠭ᠎ᠠ ᠵᠤᠩᠭᠢᠯᠠᠬᠤ ᠲᠤᠭ᠎ᠠ ᠶᠢ ᠡᠵᠡᠯᠡᠨ᠎ᠡ᠃ ᠲᠡᠦᠬᠡᠨ ᠮᠠᠲ᠋ᠧᠷᠢᠶᠠᠯ ᠳᠤ ᠳᠤᠷᠠᠳᠤᠨᠳᠠᠳᠠᠭ 《ᠵᠢᠭᠠᠰᠤᠲᠠᠢ》᠂ 《ᠴᠠᠭᠠᠨ ᠲᠤᠯᠤᠭᠠᠢ》᠂ 《ᠳᠠᠯᠠᠨ ᠲᠦᠷᠦᠭᠦᠦ》᠂ 《ᠬᠠᠯᠵᠢᠭᠤᠳᠠᠢ》᠂ 《ᠵᠢᠷᠭᠠᠯᠠᠩᠲᠤ ᠲᠠᠯ᠎ᠠ》 ᠵᠡᠷᠭᠡ ᠭᠠᠵᠠᠷ ᠤᠨ ᠪᠠᠢᠷᠢ ᠶᠢ ᠣᠨᠣᠪᠴᠢᠲᠠᠢ ᠲᠤᠭᠲᠠᠭᠠᠬᠤ ᠪᠤᠯ ᠡᠨᠡ ᠠᠰᠠᠭᠤᠳᠠᠯ ᠢ ᠰᠢᠢᠳᠪᠦᠷᠢᠯᠡᠬᠦ ᠶᠢᠨ ᠵᠠᠩᠭᠢᠯᠠᠭ᠎ᠠ ᠪᠤᠯᠤᠨ᠎ᠠ᠃ ᠮᠠᠨᠵᠤ ᠬᠡᠯᠡ ᠪᠡᠷ ᠬᠠᠳᠠᠭᠠᠯᠠᠭᠳᠠᠭᠰᠠᠨ ᠳᠠᠩᠰᠠ ᠡᠪᠬᠡᠮᠡᠯ ᠦᠨ ᠪᠠᠷᠢᠮᠲᠠ ᠪᠠ ᠵᠤᠬᠢᠶᠠᠭᠴᠢ ᠶᠢᠨ ᠬᠡᠭᠡᠷ᠎ᠡ ᠶᠢᠨ ᠪᠠᠢᠴᠠᠭᠠᠯᠲᠠ ᠶᠢ ᠦᠨᠳᠦᠰᠦᠯᠡᠪᠡᠯ᠂ ᠴᠠᠬᠠᠷᠴᠤᠳ ᠤᠨ ᠰᠢᠨᠵᠢᠶᠠᠩ ᠢ ᠵᠤᠷᠢᠭᠰᠠᠨ ᠠᠶᠠᠯᠠᠯ ᠨᠢ ᠲᠤᠬᠠᠢ ᠶᠢᠨ ᠦᠶ᠎ᠡ ᠶᠢᠨ ᠠᠯᠳᠠᠢ ᠴᠡᠷᠢᠭ ᠦᠨ ᠦᠷᠲᠡᠭᠡ ᠵᠠᠮ ᠦᠨ ᠵᠠᠩᠴᠢᠺᠦᠦ ᠳᠠᠪᠠᠭᠠᠨ ᠠᠷᠤ ᠳᠠᠬᠢ ᠬᠡᠳᠦᠨ ᠦᠷᠲᠡᠭᠡ ᠯᠦᠭᠡ ᠬᠤᠯᠪᠤᠭᠳᠠᠨ᠎ᠠ᠃ |
原文 |
查看原文
|
出自 |
中国蒙古学
2015年
第2期
|