论文信息


题名 《ᠮᠣᠩᠭᠤᠯ ᠤᠨ ᠨᠢᠭᠤᠴᠠ ᠲᠤᠪᠴᠢᠶᠠᠨ》 ᠳ᠋ᠡᠬᠢ ᠨᠢᠭᠡᠳᠦᠭᠡᠷ ᠪᠡᠶ ᠠ ᠳ᠋ᠤ ᠬᠠᠮᠢᠶᠠᠳᠠᠭᠤᠯᠬᠤ ᠰᠤᠯᠠ ᠦᠭᠡ ᠶᠢᠨ ᠲᠤᠬᠠᠢ ᠰᠢᠨᠵᠢᠯᠡᠬᠦ ᠨᠢ
作者 ᠢᠯᠴᠢ; ᠬᠠᠰᠪᠠᠭᠠᠨ᠎ᠠ
关键词 《 ᠮᠣᠩᠭᠤᠯ ᠤᠨ ᠨᠢᠭᠤᠴᠠ ᠲᠤᠪᠴᠢᠶᠠᠨ》; ᠨᠢᠭᠡᠳᠦᠭᠡᠷ ᠪᠡᠶ ᠠ; ᠬᠠᠮᠢᠶᠠᠳᠠᠭᠤᠯᠬᠤ ᠰᠤᠯᠠ ᠦᠭᠡ
摘要 《 ᠮᠣᠩᠭᠤᠯ ᠤᠨ ᠨᠢᠭᠤᠴᠠ ᠲᠤᠪᠴᠢᠶᠠᠨ》 ᠳ᠋ᠤ ᠢᠯᠡᠷᠡᠭᠰᠡᠨ ᠨᠢᠭᠡᠳᠦᠭᠡᠷ ᠪᠡᠶ ᠠ ᠳ᠋ᠤ ᠬᠠᠮᠢᠶᠠᠳᠠᠭᠤᠯᠬᠤ ᠰᠤᠯᠠ ᠦᠭᠡ ᠨᠢ ᠲᠤᠭᠠᠨ ᠤ ᠵᠤᠬᠢᠴᠠᠯ ᠡᠴᠡ ᠪᠤᠯᠵᠤ ᠭᠠᠭᠴᠠ ᠲᠤᠭᠠᠲᠤ ᠰᠤᠯᠠ ᠦᠭᠡ ᠪᠤᠯᠤᠨ ᠤᠯᠠᠨ ᠲᠤᠭᠠᠲᠤ ᠰᠤᠯᠠ ᠦᠭᠡ ᠭᠡᠵᠦ ᠬᠤᠶᠠᠷ ᠲᠦᠷᠦᠯ ᠳ᠋ᠤ ᠬᠤᠪᠢᠶᠭᠳᠠᠳᠠᠳ ᠪᠦᠭᠡᠳ ᠭᠠᠭᠴᠠ ᠲᠤᠭᠠᠲᠤ ᠰᠤᠯᠠ ᠦᠭᠡ 《 ᠮᠢᠨᠦ》᠂ ᠤᠯᠠᠨ ᠲᠤᠭᠠᠲᠤ ᠰᠤᠯᠠ ᠦᠭᠡ《 ᠮᠠᠨᠤ》 《 ᠪᠡᠳᠡᠨᠦ》 ᠭᠡᠬᠦ ᠬᠤᠶᠠᠷ ᠬᠡᠯᠪᠡᠷᠢ ᠲᠠᠢ ᠪᠠᠢᠳᠠᠭ᠃ ᠨᠢᠭᠡᠳᠦᠭᠡᠷ ᠪᠡᠶ ᠠ ᠳ᠋ᠤ ᠬᠠᠮᠢᠶᠠᠳᠠᠭᠤᠯᠬᠤ ᠰᠣᠯᠠ ᠦᠭᠡ ᠨᠢ ᠢᠯᠡᠷᠡᠭᠰᠡᠨ ᠬᠡᠯᠪᠡᠷᠢ ᠶᠢᠨ ᠬᠤᠪᠢ ᠳ᠋ᠤ᠂ ᠬᠠᠷᠢᠶᠠᠯᠠᠬᠤ ᠶᠢᠨ ᠲᠠᠢᠨ ᠢᠯᠭᠠᠯᠲᠤ ᠪᠡᠶ ᠠ  ᠶᠢᠨ ᠲᠦᠯᠦᠭᠡᠨ ᠤ ᠬᠡᠯᠪᠡᠷᠢ ᠲᠠᠢ ᠦᠨᠳᠦᠰᠦᠨ ᠳ᠋ᠤ ᠪᠠᠨ ᠠᠳᠠᠯᠢ ᠪᠠᠢᠵᠦ᠂ ᠭᠠᠭᠴᠠ ᠲᠤᠭ᠎ᠠ᠂ ᠤᠯᠠᠨ ᠲᠤᠭᠠᠨ ᠤ ᠤᠳᠬ ᠠ ᠪᠡᠷ ᠴᠦᠮ ᠬᠡᠷᠡᠭᠯᠡᠭᠳᠡᠵᠡᠢ᠃ ᠦᠢᠯᠡᠳᠦᠯ ᠬᠢᠭᠡᠳ ᠪᠠᠢᠷᠢ ᠶᠢᠨ ᠬᠢᠨᠢ ᠬᠤᠪᠢ ᠳ᠋ᠤ᠂ ᠪᠦᠷ ᠡᠮᠦᠨᠡᠬᠢ ᠦᠭᠡ ᠪᠠᠨ ᠬᠠᠮᠢᠶᠠᠳᠠᠭᠤᠯᠤᠨ ᠵᠢᠭᠠᠵᠤ᠂ ᠲᠤᠬᠠᠢ ᠶᠢᠨ ᠬᠦᠮᠦᠨ ᠶᠠᠭᠤᠮ ᠠ᠂ ᠬᠡᠷᠡᠭᠡ ᠶᠠᠪᠤᠳᠠᠯ ᠢ ᠦᠭᠦᠯᠡᠬᠴᠢ ᠡᠳᠡᠭᠡᠳ ᠲᠤ ᠬᠠᠷᠢᠶᠠᠯᠠᠭᠤᠯᠤᠨ ᠬᠠᠮᠢᠶᠠᠳᠠᠭᠤᠯᠬᠤ ᠤᠳᠬ ᠠ ᠪᠡᠷ ᠬᠡᠷᠡᠭᠯᠡᠵᠦ ᠪᠠᠢᠳᠠᠭ᠃
原文 查看原文
出自 中国蒙古学 2022年 第6期

联系我们


内蒙古大学图书馆
呼和浩特市大学西路235号
中国·内蒙古
P: (0471) 4992561
E: huangfeilong@imu.edu.cn