题名 |
ᠴᠣᠭᠤᠷ ᠢ ᠬᠦᠭᠵᠢᠮᠳᠡᠬᠦ ᠤᠷ ᠠ ᠮᠡᠷᠭᠡᠵᠢᠯ ᠤᠨ ᠱᠠᠭᠠᠷᠳᠠᠯᠭ᠎ᠠ ᠶᠢᠨ ᠲᠤᠬᠠᠢ ᠦᠭᠦᠯᠡᠬᠦ ᠨᠢ |
作者 |
ᠡᠷᠳᠡᠨᠢᠪᠦ᠋ᠭᠡ |
关键词 |
ᠴᠣᠭᠤᠷ ᠬᠤᠭᠤᠷ; ᠮᠤᠷᠢᠨ ᠬᠢᠯᠭᠠᠰᠤ; ᠬᠦᠭᠵᠢᠮᠳᠡᠬᠦ ᠤᠷ ᠠ ᠮᠡᠷᠭᠡᠵᠢᠯ |
摘要 |
ᠴᠣᠭᠤᠷ ᠪᠤᠯ ᠪᠠᠢᠭᠠᠯᠢᠯᠢᠭ ᠪᠦᠲᠦᠴᠡ ᠲᠠᠢ᠃ ᠴᠢᠪᠬᠠᠳᠠᠰᠤ ᠠᠮᠢ ᠲᠠᠢ ᠂ ᠵᠠᠩ ᠦᠢᠯᠠ ᠶᠢᠨ ᠣᠨᠴᠠᠯᠢᠭ ᠪᠦᠬᠦᠢ ᠬᠠᠢᠯᠠᠬᠤ ᠵᠤᠷᠢᠭᠤᠯᠤᠯᠲᠠ ᠲᠠᠢ ᠡᠷᠲᠡᠨ ᠤ ᠬᠦᠭᠵᠢᠮᠳᠡᠭᠦᠷ ᠶᠣᠮ᠃ ᠮᠦᠨ ᠴᠦ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠪᠤᠯᠬᠤ ᠮᠣᠩᠭᠤᠯᠴᠤᠳ ᠤᠨ ᠤᠯᠠᠨ ᠵᠠᠭᠤᠨ ᠵᠢᠯ ᠪᠠᠢᠭᠠᠯᠢ ᠲᠡᠯᠭᠡᠢ ᠲᠠᠢ ᠠᠭᠤᠰᠤᠯᠴᠠᠨ᠂ ᠠᠮᠢᠳᠤᠷᠠᠬᠤ ᠶᠤᠰᠤᠨ ᠢ ᠤᠢᠠᠯᠠᠭᠰᠠᠨ ᠤ ᠳ᠋ᠦᠩ ᠳ᠋ᠤ ᠪᠤᠢ ᠪᠤᠯᠤᠭᠰᠠᠨ ᠤᠶᠤᠨ ᠤᠬᠠᠭᠠᠨ ᠤ ᠦᠨᠡᠲᠦ ᠦᠪ ᠶᠣᠮ᠃ᠮᠣᠩᠭᠤᠯᠴᠤᠳ ᠠᠩᠬ ᠠ ᠴᠣᠭᠤᠷ ᠢ ᠬᠢᠵᠦ ᠪᠦᠲᠦᠭᠡᠬᠦ ᠳ᠋ᠤ ᠪᠠᠨ ᠬᠦᠮᠦᠨ ᠠᠮᠢᠲᠠᠨ ᠢ ᠴᠡᠩᠭᠡᠬᠦᠯᠵᠦ ᠪᠠᠶᠠᠰᠬᠠᠬᠤ ᠡᠴᠡ ᠪᠠᠨ ᠢᠯᠡᠬᠦᠦ ᠵᠠᠩ ᠦᠢᠯᠡ ᠶᠢᠨ ᠴᠢᠠᠨᠷ ᠢ ᠨᠢ ᠡᠷᠬᠢᠮᠯᠡᠵᠦ᠂ ᠴᠣᠭᠤᠷ ᠤᠨ ᠡᠭᠡᠰᠢᠭ ᠢᠢᠡᠷ ᠪᠠᠢᠭᠠᠯᠢ ᠶᠢᠨ ᠬᠠᠷ ᠠ ᠬᠦᠴᠦ ᠵᠢ ᠡᠶᠡᠷᠡᠬᠦᠯᠬᠦ᠂ ᠠᠮᠢᠳᠤᠷᠠᠯ ᠢᠢᠡᠨ ᠦᠭᠡᠳᠡᠯᠡᠬᠦᠯᠬᠦ ᠵᠤᠷᠢᠯᠭ᠎ᠠ ᠲᠠᠢ ᠪᠠᠢᠭᠰᠠᠨ ᠪᠠᠢᠵᠦᠪᠤᠯᠬᠤ ᠶᠣᠮ᠃ ᠡᠨᠡ ᠬᠦ ᠦᠵᠡᠯ ᠤᠢᠯᠠᠭᠠᠯᠲᠠ ᠵᠢ ᠮᠠᠯᠴᠢᠳ ᠤᠨ 《 ᠬᠤᠭᠤᠷ ᠡᠭᠡᠰᠢᠭᠯᠡᠬᠦ ᠳ᠋ᠤ ᠭᠡᠷ ᠤᠨ ᠵᠢᠪᠠᠷ ᠠᠷᠢᠯᠤᠨ᠎ᠠ》 ᠭᠡᠳᠡᠭ ᠡᠷᠲᠡᠨ ᠤ ᠬᠡᠯᠡᠴᠡ ᠦᠭᠡ ᠪᠡᠷ ᠲᠠᠢᠯᠪᠤᠷᠢᠯᠠᠵᠤ ᠪᠤᠯᠤᠨ᠎ᠠ᠃ ᠴᠣᠭᠤᠷ ᠲᠤ ᠦᠪᠡᠷ ᠤᠨ ᠭᠡᠰᠡᠨ ᠬᠦᠭᠵᠢᠮᠳᠡᠬᠦ ᠤᠷ ᠠ ᠮᠡᠷᠭᠡᠵᠢᠯ ᠤᠨ ᠱᠠᠭᠠᠷᠳᠠᠯᠭ᠎ᠠ ᠲᠠᠢ ᠪᠠᠢᠳᠠᠭ᠃ |
原文 |
查看原文
|
出自 |
中国蒙古学
2022年
第6期
|