摘要 |
ᠤᠷᠤᠰ ᠤᠨ ᠲᠤᠤᠯᠢ《 ᠢᠭᠤᠷᠢ ᠶᠢᠨ ᠴᠡᠷᠢᠭᠯᠡᠭᠰᠡᠨ ᠲᠤᠭᠤᠵᠢ》 ᠵᠢ 12ᠳ᠋ᠤᠭᠠᠷ ᠵᠠᠭᠤᠨ ᠳ᠋ᠤ ᠪᠤᠢ ᠪᠤᠯᠤᠭᠰᠠᠨ ᠭᠡᠳᠡᠭ᠃ ᠡᠨᠡ 《ᠲᠤᠭᠤᠵᠢ》 ᠵᠢ 1956ᠣᠨ ᠳ᠋ᠤ ᠬ᠂ᠫᠠᠷᠠᠩᠯᠠᠢ ᠮᠣᠨᠭᠤᠯ ᠢᠡᠷ᠂ 1957ᠣᠨ ᠳ᠋ᠤᠸᠸᠢ ᠬᠤᠩ ᠨᠢᠤ ᠬᠢᠲᠠᠳ ᠢᠢᠡᠷ ᠠᠩᠬ ᠠ ᠣᠷᠴᠢᠭᠤᠯᠪᠠ᠃1958ᠣᠨ ᠳ᠋ᠤ ᠮᠤᠩᠭᠤᠯᠴᠢᠯᠠᠭ᠎ᠠ ᠨᠢ ᠦᠪᠦᠷ ᠮᠣᠩᠭᠤᠯ ᠳ᠋ᠤ ᠬᠡᠪᠯᠡᠭᠳᠡᠪᠡ᠃ ᠲᠤᠤᠯᠢ ᠳ᠋ᠤ ᠲᠤᠰᠬᠠᠭᠳᠠᠭᠰᠠᠨ ᠵᠠᠷᠢᠮ ᠤᠭᠰᠠᠭᠠᠲᠠᠨ ᠤ ᠨᠡᠷ ᠠ ᠵᠢ ᠰᠣᠳᠤᠯᠤᠰᠬᠢᠵᠦ ᠦᠵᠡᠭᠰᠡᠨ ᠪᠦᠭᠡᠳ ᠭᠤᠤᠯᠳᠠᠭᠤ ᠮᠣᠩᠭᠤᠯᠴᠢᠯᠠᠭᠠ ᠳ᠋ᠤ ᠬᠡᠷᠡᠭᠯᠡᠭᠳᠡᠭᠰᠡᠨ ᠡᠷᠲᠡᠨ ᠤ ᠦᠭᠡᠰ ᠪᠠ ᠪᠢᠴᠢᠭ ᠤᠨ ᠦᠭᠡᠰ ᠢ ᠲᠡᠭᠦᠵᠦ ᠲᠡᠬᠦᠨ ᠤ ᠦᠭᠡ ᠰᠣᠶᠣᠯ ᠤᠨ ᠠᠭᠤᠯᠤᠭᠳᠠᠬᠤᠨ ᠢ ᠱᠠᠭᠠᠢᠵᠦ ᠦᠵᠡᠬᠦ ᠳ᠋ᠤ᠂ ᠬ᠂ ᠫᠷᠠᠩᠯᠠᠢ ᠶᠢᠨ ᠮᠣᠩᠭᠤᠯᠴᠢᠯᠠᠭᠠ ᠨᠢ ᠮᠣᠩᠭᠤᠯᠵᠢᠭᠤᠨ ᠴᠦ ᠲᠠᠪᠠᠵᠦ ᠮᠣᠩᠭᠤᠯ ᠲᠤᠤᠯᠢ ᠰᠢᠭ ᠪᠤᠯᠤᠭᠰᠠᠨ ᠪᠠᠢᠨ᠎ᠠ᠃ |