| 题名 |
ᠫᠠᠵᠠᠢ ᠶᠢᠨ 《 ᠡᠦ ᠰᠦᠩ ᠬᠢᠭᠡᠳ ᠪᠠᠷᠰ ᠤᠨ ᠲᠡᠮᠡᠴᠡᠯᠳᠦᠭᠡᠨ》 ᠤ ᠲᠤᠭᠠᠴᠢᠯᠲᠠ ᠵᠢ ᠲᠠᠬᠢᠨ ᠨᠢᠭᠲᠠᠯᠠᠬᠤ ᠨᠢ |
| 作者 |
ᠲᠦᠪ ᠤᠨ ᠦᠨᠳᠦᠰᠦᠲᠡᠨ ᠤ ᠶᠡᠬᠡ ᠰᠤᠷᠭᠠᠭᠯᠤᠢ ᠶᠢᠨ ᠲᠤᠮᠳᠠᠳᠤ ᠤᠯᠤᠰ ᠤᠨ ᠴᠦᠭᠡᠨ ᠲᠤᠭᠠᠲᠤ ᠦᠨᠳᠦᠰᠦᠲᠡᠨ ᠤ ᠬᠡᠯᠡ ᠰᠣᠳᠤᠯᠬᠤ ᠬᠦᠷᠢᠶᠡᠯᠡᠩ ᠤᠨ ᠫᠷᠣᠹᠸᠰᠰᠤᠷ |
| 关键词 |
《 ᠱᠦᠢ ᠬᠤ ᠶᠢᠨ ᠦᠢᠯᠭᠡᠷ》; 《 ᠡᠦ ᠰᠦᠩ ᠪᠠᠷᠰ ᠢ ᠠᠯᠠᠭᠰᠠᠨ ᠨᠢ 》; ᠫᠠᠵᠠᠢ ᠬᠤᠭᠤᠷᠴᠢ; ᠲᠤᠭᠠᠴᠢᠯᠲᠠ |
| 摘要 |
ᠫᠠᠵᠢ ᠶᠢᠨ ᠬᠯᠡᠡᠭᠰᠡᠨ《 ᠡᠦ ᠰᠦᠩ ᠪᠠᠷᠰ ᠢ ᠠᠯᠠᠭᠰᠠᠨ ᠨᠢ》 ᠭᠡᠬᠦ ᠦᠯᠢᠭᠡᠷ ᠲᠤ ᠪᠠᠷᠰ ᠤᠨ ᠭᠤᠷᠪᠠᠨ ᠵᠦᠢᠯ ᠤᠨ ᠴᠢᠳᠠᠯ ᠬᠢᠭᠡᠳ ᠪᠠᠷᠰ ᠤᠨᠨᠦᠭᠡ ᠮᠠᠯᠳᠠᠭᠰᠠᠨ ᠦᠢᠯ ᠡᠶᠠᠪᠤᠳᠠᠯ ᠢ ᠲᠤᠭᠠᠴᠢᠭᠰᠠᠨ ᠦᠭᠡ ᠶᠢᠨ ᠰᠢᠯᠳᠠᠭᠠᠨ ᠨᠢ ᠫᠠᠵᠠᠢ ᠶᠢᠨ ᠬᠡᠯᠡᠭᠰᠡᠨ ᠬᠤᠭᠤᠷ ᠤᠨ ᠦᠯᠢᠭᠡᠷ ᠤᠨ ᠡᠭᠡ ᠲᠸᠺᠰᠲ ᠲᠠᠢ ᠰᠢᠭᠤᠳ ᠬᠤᠯᠪᠤᠭ᠎ᠠ ᠲᠠᠢ᠃ ᠫᠠᠵᠠᠢ ᠶᠢᠨ ᠡᠦ ᠰᠦᠩ ᠪᠠᠷᠰ ᠢ ᠢᠰᠭᠦᠯᠦᠭᠰᠡᠨ ᠲᠤᠭᠠᠴᠢᠯᠲᠠ ᠵᠢ ᠬᠠᠰᠤᠭᠰᠠᠨ ᠨᠢ ᠮᠣᠩᠭᠤᠯᠴᠤᠳ ᠤᠨ ᠪᠦᠭᠡ ᠪᠠᠷᠢᠯᠲᠤᠬᠤ ᠠᠷᠭ᠎ᠠ ᠮᠠᠶᠢᠭ ᠢᠢᠡᠷ ᠡᠦ ᠰᠦᠩ ᠪᠠ ᠪᠠᠷᠰ ᠢ ᠲᠡᠮᠡᠴᠡᠯᠳᠦᠬᠦᠯᠦᠭᠰᠡᠨ ᠲᠠᠢ ᠬᠤᠯᠪᠤᠭ᠎ᠠ ᠲᠠᠢ᠃ ᠮᠣᠩᠭᠤᠯᠴᠤᠳ ᠤᠨ ᠰᠣᠶᠤᠯ ᠳ᠋ᠤ ᠴᠢᠰᠤᠨ ᠤ ᠲᠤᠬᠠᠢ ᠴᠡᠭᠡᠷ ᠬᠤᠷᠢᠭ᠎ᠠ ᠪᠠᠢᠳᠠᠭ ᠪᠤᠯᠪᠠᠴᠦ ᠫᠠᠵᠠᠢ ᠶᠢᠨ 《 ᠡᠦ ᠰᠦᠩ ᠬᠢᠭᠡᠳ ᠪᠠᠷᠰ ᠤᠨ ᠲᠡᠮᠡᠴᠡᠯᠳᠦᠭᠡᠨ》 ᠤ ᠲᠤᠭᠠᠴᠢᠯᠲᠠ ᠳ᠋ᠤ ᠲᠤᠰ ᠬᠤᠷᠢᠭ᠎ᠠ ᠴᠡᠭᠡᠷ ᠢᠯᠡᠷᠡᠭᠰᠡᠨ ᠦᠭᠡᠢ᠃ |
| 原文 |
查看原文
|
| 出自 |
中国蒙古学
2022年
第3期
|