题名 |
18ᠳ᠋ᠤᠭᠠᠷ ᠵᠠᠭᠤᠨ ᠤ ᠬᠠᠯᠢᠮᠠᠭ 《ᠭᠡᠰᠡᠷ ᠤᠨ ᠲᠤᠭᠤᠵᠢ 》 ᠶᠢᠨ ᠭᠧᠷᠮᠠᠨ ᠬᠡᠯᠡᠨ ᠤ ᠣᠷᠴᠢᠭᠤᠯᠭ᠎ᠠ ᠶᠢᠨ ᠰᠣᠳᠤᠯᠤᠯ |
作者 |
ᠳ᠂ ᠲᠠᠶᠠ; 〔ᠴᠸᠺ〉 ᠤᠨᠳ᠋ᠷᠸᠢ ᠰᠡᠷᠪᠠ |
关键词 |
《 ᠭᠡᠰᠡᠷ ᠤᠨ ᠲᠤᠭᠤᠵᠢ》; ᠬᠠᠯᠢᠮᠠᠭ ᠤᠨ ᠤᠯᠠᠮᠵᠢᠯᠠᠯ; ᠲᠤᠳᠤ ᠦᠰᠦᠭ ᠤᠨ ᠭᠠᠷ ᠪᠢᠴᠢᠮᠡᠯ; ᠭᠧᠷᠮᠠᠨ ᠬᠡᠯᠡᠨ ᠤ ᠣᠷᠴᠢᠭᠤᠯᠭ᠎ᠠ |
摘要 |
ᠭᠸᠷᠮᠠᠨ ᠤᠯᠤᠰ ᠤᠨ ᠡᠾᠸᠷᠢᠷᠠᠩᠬᠤᠲ ᠭᠡᠬᠦ ᠭᠠᠵᠠᠷ ᠲᠡᠬᠢ 《 ᠠᠬ ᠠ ᠲᠡᠭᠦᠦ ᠶᠢᠨ ᠨᠢᠭᠡᠳᠦᠯ》 ᠤᠨ ᠲᠠᠩᠰᠠ ᠡᠪᠬᠡᠮᠡᠯ ᠤᠨ ᠭᠠᠵᠠᠷ ᠡᠴᠡ ᠰᠢᠨ᠎ᠠ ᠪᠡᠷ ᠢᠯᠡᠷᠡᠭᠦᠯᠦᠭᠰᠡᠨ ᠬᠠᠯᠢᠮᠠᠭ 《 ᠭᠡᠰᠡᠷ ᠤᠨ ᠲᠤᠭᠤᠵᠢ》 ᠶᠢᠨ ᠭᠸᠷᠮᠠᠨ ᠬᠡᠯᠡᠨ ᠤ ᠤᠷᠴᠢᠭᠤᠯᠭ᠎ᠠ ᠶᠢᠨ ᠭᠠᠷ ᠪᠢᠴᠢᠮᠡᠯ ᠢ ᠡᠭᠡ ᠪᠢᠴᠢᠭ ᠤᠨ ᠠᠭᠤᠯᠭ᠎ᠠ᠂ ᠪᠤᠰᠤᠳ ᠤᠷᠴᠢᠭᠤᠯᠭ᠎ᠠ ᠯᠤᠭ᠎ᠠ ᠶᠢᠨ ᠬᠠᠷᠢᠴᠠᠭ᠎ᠠ ᠬᠤᠯᠪᠤᠭ᠎ᠠ ᠵᠢᠴᠢ ᠤᠷᠴᠢᠭᠤᠯᠤᠭᠴᠢ ᠶᠢᠨ ᠤᠴᠢᠷ ᠭᠡᠬᠦ ᠲᠦᠷᠪᠡᠨ ᠲᠠᠯ ᠠ ᠡᠴᠡ ᠰᠢᠨᠵᠢᠯᠡᠬᠦ ᠳ᠋ᠤ᠂ ᠲᠡᠷᠡ ᠨᠢ 1782ᠣᠨ ᠡᠴᠡ 1785ᠣᠨ ᠤ ᠦᠶ ᠠ ᠪᠡᠷ ᠢᠵᠢᠯ ᠮᠦᠷᠡᠨ ᠤ ᠬᠦᠪᠡᠭᠡ ᠳ᠋ᠡᠬᠢ ᠰᠠᠷᠸᠫᠲ᠋ᠠ ᠲᠤᠰᠬᠤᠨ ᠤ 《 ᠠᠬ ᠠ ᠲᠡᠭᠦᠦ ᠶᠢᠨ ᠨᠢᠭᠡᠳᠦᠯ》 ᠤᠨ ᠱᠠᠰᠢᠨ ᠤ ᠰᠤᠷᠭᠠᠭᠤᠯᠢ ᠶᠢᠨ ᠪᠠᠭᠰᠢ ᠪᠠᠢᠭᠰᠠᠨ ᠺ᠂ ᠹ᠂ᠭᠸᠷᠭᠤᠷ ᠭᠡᠭᠴᠢ ᠭᠸᠷᠮᠠᠨ ᠬᠦᠮᠦᠨ ᠬᠠᠯᠢᠮᠠᠭ ᠡᠴᠡ ᠤᠯᠳᠠᠭᠰᠠᠨ ᠲᠤᠳᠤ ᠮᠣᠩᠭᠤᠯ ᠦᠰᠦᠭ ᠤᠨ ᠭᠠᠷ ᠪᠢᠴᠢᠮᠡᠯ《 ᠭᠡᠰᠡᠷ ᠤᠨ ᠲᠤᠭᠤᠵᠢ》 ᠶᠢᠨ 《 ᠲᠤᠬᠢᠭᠤᠷ ᠤᠨ ᠲᠢᠪ ᠤᠨ ᠠᠩ ᠲᠤᠯᠮᠤ ᠬᠠᠭᠠᠨ ᠢ ᠲᠠᠷᠤᠭᠰᠠᠨ ᠨᠢ 》 ᠭᠡᠬᠦ ᠪᠦᠯᠦᠭ ᠤᠨ ᠡᠬᠢᠨ ᠤ ᠬᠡᠰᠡᠭ ᠢ ᠭᠸᠷᠮᠠᠨ ᠬᠡᠯᠡᠨ ᠳ᠋ᠤ ᠤᠷᠴᠢᠭᠤᠯᠤᠭᠰᠠᠨ ᠪᠤᠯᠬᠤ ᠵᠢ ᠮᠡᠳᠡᠵᠦ ᠪᠤᠯᠤᠨ᠎ᠠ᠃ |
原文 |
查看原文
|
出自 |
中国蒙古学
2021年
第1期
|