题名 |
ᠰᠤᠷᠠᠭ ᠵᠠᠩᠬᠢ ᠰᠢᠢᠳᠪᠦᠷᠢᠯᠡᠯᠲᠡ ᠳ᠋ᠤ ᠵᠤᠷᠢᠭᠤᠯᠤᠭᠰᠠᠨ ᠮᠣᠩᠭᠤᠯ ᠬᠡᠯᠡᠨ ᠤ ᠲᠠᠢᠪᠤᠷᠢ ᠦᠭᠡ ᠪᠠ ᠲᠡᠮᠳᠡᠭ ᠨᠡᠷ ᠠ ᠶᠢᠨ ᠤᠳᠬ ᠠ ᠶᠢᠨ ᠲᠦᠷᠦᠯ ᠤᠨ ᠤᠶᠠᠯᠳᠤᠭ᠎ᠠ ᠶᠢᠨ ᠰᠣᠳᠤᠯᠤᠯ |
作者 |
ᠪᠤᠤ ᠶᠠᠨ ᠬᠤᠸᠠ; ᠤᠶᠠᠩᠭ᠎ᠠ |
关键词 |
ᠲᠠᠢᠪᠤᠷᠢ ᠦᠭᠡ; ᠲᠡᠮᠳᠡᠭ ᠨᠡᠷ ᠠ ᠶᠢᠨ ᠤᠳᠬ ᠠ ᠶᠢᠨ ᠲᠦᠷᠦᠯ; ᠤᠶᠠᠯᠳᠤᠭ᠎ᠠ |
摘要 |
ᠲᠠᠢᠪᠤᠷᠢ ᠦᠭᠡ ᠨᠢ ᠪᠡᠶᠡᠲᠦ ᠦᠭᠡ ᠪᠠ ᠬᠡᠢᠢᠰᠪᠦᠷᠢ ᠦᠭᠡ ᠶᠢᠨ ᠰᠢᠨᠵᠢ ᠵᠢ ᠬᠠᠪᠰᠤᠷᠭᠠᠭᠰᠠᠨ ᠵᠠᠰᠪᠠᠷ ᠤᠨ ᠰᠢᠨᠵᠢᠲᠡᠢ ᠣᠨᠴᠠᠭᠠᠢ ᠨᠢᠭᠡ ᠦᠭᠡᠰ ᠤᠨ ᠠᠢᠮᠠᠭ ᠪᠠᠢᠵᠦ᠂ ᠦᠭᠦᠯᠡᠪᠦᠷᠢ ᠳ᠋ᠤ ᠭᠤᠤᠯᠳᠠᠭᠤ ᠦᠢᠯᠡ ᠦᠭᠡ᠂ ᠲᠡᠮᠳᠡᠭ ᠨᠡᠷ ᠠ ᠵᠡᠷᠭᠡ ᠦᠭᠡᠰ ᠤᠨ ᠠᠢᠮᠠᠭ ᠤᠨ ᠦᠭᠡᠰ ᠲᠠᠢ ᠤᠶᠠᠯᠳᠤᠳᠠᠭ᠃ ᠮᠣᠩᠭᠤᠯ ᠬᠡᠯᠡᠨ ᠤ ᠲᠠᠢᠪᠤᠷᠢ ᠦᠭᠡ ᠪᠠ ᠲᠡᠮᠳᠡᠭ ᠨᠡᠷ ᠠ ᠶᠢᠨ ᠤᠳᠬ ᠠ ᠶᠢᠨ ᠲᠦᠷᠦᠯ ᠤᠨ ᠤᠶᠠᠯᠳᠤᠭ᠎ᠠ ᠶᠢᠨ ᠲᠦᠷᠢᠮ ᠨᠢ ᠮᠣᠩᠭᠤᠯ ᠬᠡᠯᠡᠨ ᠤ ᠠᠦ᠋ᠲ᠋ᠤ᠋ ᠡᠭᠦᠰᠭᠡᠯᠲᠡ᠂ ᠮᠠᠰᠢᠨ ᠤᠷᠴᠢᠭᠤᠯᠭ᠎ᠠ᠂ ᠮᠠᠲᠸᠷᠢᠶᠠᠯ ᠤᠨ ᠬᠦᠮᠦᠷᠭᠡ ᠶᠢᠨ ᠡᠳ᠋ᠰᠢᠯᠡᠬᠦᠯᠦᠯᠲᠡ᠂ ᠠᠦ᠋ᠲ᠋ᠤ᠋ ᠬᠠᠷᠠᠭᠤᠭᠤᠯᠭᠠ ᠶᠢᠨ ᠰᠢᠰᠲ᠋ᠸᠮ᠂ ᠮᠣᠩᠭᠤᠯ ᠪᠢᠴᠢᠭ ᠢ ᠺᠤᠮᠫᠢᠥᠲ᠋ᠸᠷ ᠲᠤ ᠠᠦ᠋ᠲ᠋ᠤᠴᠢᠯᠠᠨ ᠲᠠᠨᠢᠭᠤᠯᠬᠤ ᠰᠢᠰᠲ᠋ᠸᠮ ᠢ ᠦᠢᠯᠡᠳᠬᠦ᠂ ᠦᠭᠦᠯᠡᠪᠦᠷᠢ ᠵᠦᠢ ᠶᠢᠨ ᠵᠠᠳᠠᠯᠤᠯᠲᠠ᠂ ᠺᠦᠷᠫᠦ᠋ᠰ ᠬᠡᠯᠡᠨ ᠤ ᠰᠢᠨᠵᠢᠯᠡᠯ᠂ ᠺᠤᠮᠫᠢᠤᠲ᠋ᠸᠷ ᠢᠢᠡᠷ ᠲᠤᠯᠢ ᠪᠢᠴᠢᠭ ᠨᠠᠢᠷᠠᠭᠤᠯᠬᠤ ᠵᠡᠷᠭᠡ ᠠᠵᠢᠯ ᠳ᠋ᠤ ᠢᠳᠡᠭᠡᠮᠵᠢᠲᠡᠢ ᠰᠤᠷᠠᠭ ᠵᠠᠩᠬᠢ ᠬᠠᠩᠭᠠᠬᠤ ᠪᠤᠯᠤᠨ᠎ᠠ᠃ |
原文 |
查看原文
|
出自 |
中国蒙古学
2021年
第1期
|