题名 |
ᠴᠢᠩ ᠤᠯᠤᠰ ᠤᠨ ᠦᠶ ᠠ ᠳ᠋ᠤ ᠪᠠᠶᠠᠨᠴᠠᠭᠠᠨ ᠠᠭᠤᠯᠠᠨ ᠤ ᠪᠡᠯᠴᠢᠭᠡᠷ ᠢ ᠬᠠᠭᠠᠯᠪᠤᠷᠢᠯᠠᠭᠰᠠᠨ ᠡᠬᠢ ᠠᠳᠠᠭ |
作者 |
ᠭᠡᠷᠡᠯᠴᠡᠴᠡᠭ |
关键词 |
ᠪᠠᠶᠠᠨᠴᠠᠭᠠᠨ ᠠᠭᠤᠯᠠ; ᠪᠡᠯᠴᠢᠭᠡᠷ; ᠬᠠᠭᠠᠯᠪᠤᠷᠢᠯᠠᠭᠰᠠᠨ; ᠭᠤᠷᠪᠠᠨ ᠲᠠᠩᠬᠢᠮ; ᠨᠡᠢᠯᠡᠯᠲᠤᠨ ᠰᠢᠢᠳᠭᠡᠭᠰᠡᠨ |
摘要 |
ᠪᠠᠶᠠᠨᠴᠠᠭᠠᠨ ᠠᠭᠤᠯᠠ ᠨᠢ ᠬᠠᠷᠠᠴᠢᠨ ᠵᠡᠬᠦᠨ ᠬᠤᠰᠢᠭᠤᠨ ᠤ ᠲᠦᠰᠢᠯᠭᠡ ᠠᠭᠤᠯᠠ᠂ ᠸᠠᠩ ᠬᠦᠩ ᠵᠠᠰᠠᠭ ᠨᠠᠷ ᠤᠨ ᠭᠡᠭᠡᠨ ᠢᠵᠠᠭᠤᠷ ᠲᠦ ᠬᠤᠯᠪᠤᠭᠳᠠᠭᠰᠠᠨ ᠣᠩᠭᠤᠯᠠᠭᠰᠠᠨ ᠠᠭᠤᠯᠠ ᠶᠣᠮ᠃ ᠬᠦᠮᠦᠨ ᠠᠮᠠ ᠨᠡᠮᠡᠭᠳᠡᠵᠦ ᠭᠠᠵᠠᠷ ᠨᠤᠲᠤᠭ ᠢᠪᠴᠤᠷᠠᠬᠤ ᠵᠢ ᠲᠠᠭᠠᠯᠳᠤᠨ᠂ ᠠᠭᠤᠯᠠᠨ ᠤ ᠪᠡᠯᠴᠢᠭᠡᠷ ᠢ ᠤᠷᠤ ᠦᠪᠦᠷ ᠬᠤᠷᠮᠤᠢ ᠬᠦᠷᠲᠡᠯ ᠠ ᠬᠠᠭᠠᠯᠪᠤᠷᠢᠯᠠᠪᠠ᠃ ᠲᠠᠪᠤᠨᠠᠩ ᠤᠳ᠂ ᠠᠯᠪᠠᠲᠤ ᠠᠷᠠᠳ ᠢ ᠪᠠᠭᠲᠠᠭᠠᠭᠰᠠᠨ ᠨᠡᠢᠭᠡᠮ ᠤᠨ ᠡᠯ ᠠ ᠲᠠᠪᠬᠤᠷᠭ᠎ᠠ ᠶᠢᠨ ᠬᠢᠨ ᠠᠭᠤᠯᠠᠨ ᠤ ᠪᠡᠯᠴᠢᠭᠡᠷ ᠤᠨ ᠲᠤᠬᠠᠢ ᠵᠠᠷᠭᠤ ᠵᠠᠭᠠᠯᠳᠤᠯᠭ᠎ᠠ ᠬᠢᠵᠦ ᠤᠳᠠᠭᠠᠨ ᠵᠢᠯ ᠦᠷᠭᠦᠯᠵᠢᠯᠡᠭᠰᠡᠨ ᠪᠤᠯᠪᠠᠴᠤ ᠬᠤᠰᠢᠭᠤ ᠵᠠᠰᠠᠭ ᠨᠠᠢᠷ ᠲᠠᠯᠪᠢᠬᠤ᠂ ᠠᠭᠤᠯᠠᠠ ᠲᠠᠭᠠᠭᠠᠮᠠᠯ ᠤᠨ ᠲᠦᠷᠢᠮ ᠰᠤᠯᠠᠷᠠᠨ ᠲᠦᠰᠢᠮᠡᠯ᠂ ᠵᠢᠩᠰᠡᠲᠡᠳ ᠤᠨ ᠠᠵᠢᠯ ᠤᠨ ᠤᠰᠤᠯᠲᠠᠯ ᠤᠨ ᠰᠢᠯᠲᠠᠭᠠᠨ ᠢᠢᠡᠷ ᠰᠢᠢᠳᠪᠦᠷᠢᠯᠡᠵᠦ ᠴᠢᠳᠠᠬᠤ ᠦᠭᠡᠢ ᠪᠠᠢᠵᠠᠢ᠃ ᠡᠬᠦᠨ ᠳ᠋ᠤ ᠴᠢᠩ ᠤᠯᠤᠰ ᠤᠨ ᠮᠣᠩᠭᠤᠯ ᠭᠠᠵᠠᠷ ᠲᠡᠭᠢ ᠬᠤᠶᠠᠷ ᠡᠰᠢᠲᠦ ᠬᠠᠮᠢᠶᠠᠷᠤᠯᠲᠠ ᠶᠢᠨ ᠲᠦᠷᠢᠮ ᠦᠨᠳᠦᠰᠦᠨ ᠰᠢᠯᠲᠠᠭᠠᠨ ᠪᠤᠯᠵᠤ ᠪᠠᠢᠪᠠ᠃ |
原文 |
查看原文
|
出自 |
中国蒙古学
2020年
第6期
|