摘要 |
ᠪᠤᠯᠠᠰᠢ ᠤᠷᠤᠰᠢᠭᠤᠯᠭ᠎ᠠ ᠨᠢ ᠬᠦᠮᠦᠨ ᠲᠦᠷᠦᠯᠬᠢᠲᠠᠨ ᠤ ᠬᠠᠮᠤᠭ ᠤᠨ ᠲᠦᠭᠡᠮᠡᠯ ᠪᠦᠭᠡᠳ ᠤᠵᠠᠭᠤᠷᠯᠢᠭ ᠰᠣᠶᠣᠯ ᠤᠯᠠᠮᠵᠢᠯᠠᠯ ᠪᠤᠯᠤᠭᠰᠠᠨ ᠤ ᠬᠤᠪᠢ ᠳ᠋ᠤ ᠠᠳᠠᠯᠢ ᠪᠤᠰᠤ ᠴᠠᠭ ᠦᠶ ᠠ ᠭᠠᠵᠠᠷ ᠤᠷᠤᠨ ᠪᠤᠯᠤᠨ ᠰᠣᠶᠣᠯ ᠤᠨ ᠣᠷᠴᠢᠨ ᠳ᠋ᠤ ᠠᠳᠠᠯᠢ ᠪᠤᠰᠤ ᠬᠡᠯᠪᠡᠷᠢ ᠵᠠᠩᠰᠢᠯ ᠲᠠᠢ ᠪᠤᠯᠵᠤ ᠬᠡᠭᠪᠰᠢᠨ ᠤᠯᠠᠮᠵᠢᠯᠠᠭᠳᠠᠵᠤ ᠢᠷᠡᠵᠡᠢ᠃ ᠴᠢᠠᠯᠭᠤᠨ ᠪᠤᠯᠠᠰᠢ ᠪᠤᠯ ᠤᠮᠠᠷᠠᠲᠤ ᠶᠢᠨ ᠲᠠᠯ ᠠ ᠨᠤᠲᠤᠭ ᠤᠨ ᠡᠷᠭᠡᠨᠰᠢᠯ ᠳ᠋ᠤ ᠬᠠᠮᠤᠭ ᠤᠨ ᠦᠷᠭᠡᠨ ᠲᠠᠷᠬᠠᠭᠰᠠᠨ ᠨᠡᠢᠲᠡᠯᠢᠭ ᠰᠢᠨᠵᠢ ᠲᠠᠢ ᠤᠷᠤᠰᠢᠭᠤᠯᠭ᠎ᠠ ᠶᠢᠨ ᠬᠡᠯᠪᠡᠷᠢ ᠪᠠᠢᠵᠤ᠂ ᠤᠷᠲᠤ ᠤᠳᠠᠭᠠᠨ ᠲᠡᠨᠭᠡᠨ ᠶᠠᠪᠤᠴᠠ ᠳ᠋ᠤ ᠲᠠᠯ ᠠ ᠨᠤᠲᠤᠭ ᠤᠨ ᠰᠣᠶᠣᠯ ᠤᠨ ᠠᠭᠤᠳᠠᠮ ᠨᠡᠭᠡᠭᠡᠯᠳᠡᠯᠢᠭ ᠲᠡᠦᠭᠡᠨ ᠤᠷᠴᠢᠨ ᠳ᠋ᠤ ᠢᠯᠠ ᠲᠤᠳᠤ ᠪᠦᠰᠡ ᠨᠤᠲᠤᠭ ᠤᠨ ᠰᠢᠨᠵᠢ᠂ ᠤᠯᠠᠨ ᠡᠰᠢᠲᠦ ᠰᠢᠨᠵᠢᠲᠡᠢ ᠤᠷᠤᠰᠢᠭᠤᠯᠭ᠎ᠠ ᠶᠢᠨ ᠰᠣᠶᠣᠯ ᠪᠤᠯᠤᠨ ᠬᠦᠭᠵᠢᠨ ᠤᠯᠠᠷᠢᠵᠤ ᠢᠷᠡᠵᠡᠢ᠃ |