题名 |
ᠬᠢᠲᠠᠳ ᠮᠣᠩᠭᠤᠯ ᠤᠷᠴᠢᠭᠤᠯᠭ᠎ᠠ ᠳ᠋ᠤ ᠤᠢᠷᠠᠯᠴᠠᠭ᠎ᠠ ᠤᠳᠬᠠᠲᠤ ᠦᠭᠡ ᠵᠢ ᠰᠤᠩᠭᠤᠨ ᠬᠡᠷᠡᠭᠯᠡᠬᠦ ᠲᠤᠬᠠᠢ |
作者 |
ᠤᠳᠤᠨᠴᠢᠮᠠᠭ᠌ |
关键词 |
ᠬᠢᠲᠠᠳ ᠮᠣᠩᠭᠤᠯ ᠤᠷᠴᠢᠭᠤᠯᠭ᠎ᠠ; ᠤᠢᠷᠯᠴᠠᠭᠠ ᠤᠳᠬᠠᠲᠤ ᠦᠭᠡ; ᠦᠭᠡ ᠰᠤᠩᠭᠤᠯᠲᠠ |
摘要 |
ᠣᠷᠴᠢᠭᠤᠯᠭ᠎ᠠ ᠶᠢᠨ ᠠᠵᠢᠯ ᠲᠤᠮᠲᠠ ᠪᠠᠨ ᠮᠣᠩᠭᠤᠯ ᠬᠡᠯᠡᠨ ᠤ ᠡᠯᠪᠡᠭ ᠪᠠᠶᠠᠯᠢᠭ ᠦᠭᠡᠰ ᠤᠨ ᠰᠠᠩ ᠢ ᠠᠭᠤᠳᠠᠯᠤᠨ ᠤᠢᠷᠠᠯᠴᠠᠭ᠎ᠠ ᠤᠳᠬᠠᠲᠤ ᠦᠭᠡ ᠵᠢ ᠵᠦᠪ ᠰᠤᠩᠭᠤᠨ ᠬᠡᠷᠡᠭᠯᠡᠬᠦ ᠨᠢ ᠤᠷᠴᠢᠭᠤᠯᠭ᠎ᠠ ᠶᠢᠨ ᠨᠠᠢᠷᠠᠭᠤᠯᠭ᠎ᠠ ᠵᠢ ᠰᠠᠢᠵᠢᠷᠠᠭᠤᠯᠵᠤ᠂ ᠤᠢᠯᠠᠭᠠᠮᠵᠢᠲᠠᠢ ᠤᠩᠰᠢᠪᠤᠷᠢᠲᠠᠢ ᠴᠢᠨᠠᠷᠯᠢᠭ ᠪᠦᠲᠦᠭᠡᠯ ᠭᠠᠷᠭᠠᠬᠤ ᠳ᠋ᠤ ᠴᠢᠮᠠᠯᠠᠰᠢ ᠦᠭᠡᠢ ᠦᠢᠯᠡᠳᠦᠯ ᠲᠠᠢ ᠪᠢᠯᠡ᠃ ᠬᠢᠲᠠᠳ ᠬᠡᠯᠡᠨ ᠳ᠋ᠤ ᠢᠯᠡᠳᠭᠡᠭᠰᠡᠨ ᠰᠠᠨᠠᠭ᠎ᠠ ᠠᠬᠤᠢ᠂ ᠬᠡᠯᠪᠡᠷᠢ᠂ ᠦᠩᠭᠡ ᠠᠶᠦᠠᠰ᠂ ᠬᠡᠪ ᠨᠠᠮᠪᠠ ᠲᠠᠢ ᠨᠢ ᠵᠤᠬᠢᠴᠠᠭᠰᠠᠨ ᠮᠣᠩᠭᠤᠯ ᠦᠭᠡ ᠵᠢ ᠤᠨᠤᠭᠠᠵᠤ ᠬᠡᠷᠭᠡᠯᠡᠬᠦ ᠳ᠋ᠤ ᠪᠠᠨ ᠦᠯᠡᠮᠵᠢ ᠪᠠᠶᠠᠯᠢᠭ ᠤᠢᠷᠠᠯᠴᠠᠭ᠎ᠠ ᠤᠳᠬᠠᠲᠤ ᠦᠭᠡᠰ ᠤᠨ ᠰᠠᠩ ᠡᠴᠡ ᠠᠯᠢ ᠵᠢ ᠨᠢ ᠰᠤᠩᠭᠤᠬᠤ ᠪᠤᠢ ᠭᠡᠳᠡᠭ ᠠᠰᠠᠭᠤᠳᠠᠯ ᠪᠢᠳᠠᠨ ᠳ᠋ᠤ ᠲᠤᠯᠭᠠᠷᠠᠳᠠᠭ᠃ ᠤᠢᠷᠠᠯᠴᠠᠭ᠎ᠠ ᠤᠳᠬᠠᠲᠤ ᠦᠭᠡ ᠵᠢ ᠪᠤᠷᠤᠭᠤ ᠳᠤᠩᠭᠤᠵᠤ ᠬᠡᠷᠭᠡᠯᠡᠭᠰᠡᠨ ᠤ ᠤᠯᠠᠮ ᠡᠴᠡ ᠤᠷᠴᠢᠭᠤᠯᠭ᠎ᠠ ᠪᠤᠷᠤᠭᠤᠳᠠᠵᠤ᠂ ᠬᠠᠯᠠᠭᠤᠳᠠᠵᠤ᠂ ᠵᠦᠷᠢᠵᠦ᠂ ᠲᠡᠷᠡᠴᠢᠯᠠᠨ ᠠᠳᠠᠯᠢ ᠪᠤᠰᠤ ᠵᠢᠱᠢᠶ ᠠ ᠤᠠᠯᠨ ᠪᠤᠢ᠃ ᠦᠭᠦᠯᠡᠯ ᠳ᠋ᠤ ᠬᠢᠳᠠᠳ ᠮᠣᠩᠭᠤᠯ ᠤᠷᠴᠢᠭᠤᠯᠭ᠎ᠠ ᠳ᠋ᠡᠬᠢ ᠤᠢᠷᠠᠯᠴᠠᠭ᠎ᠠ ᠤᠳᠬᠠᠲᠤ ᠦᠭᠡ ᠶᠢᠨ ᠰᠤᠨᠭᠤᠯᠲᠠ ᠵᠢ ᠬᠡᠯᠪᠡᠷᠢ᠂ ᠤᠳᠬ ᠠ᠂ ᠬᠠᠷᠢᠴᠠᠭᠠᠨ ᠤ ᠬᠤᠪᠢ ᠳ᠋ᠤ ᠨᠠᠷᠢᠪᠴᠢᠯᠠᠨ ᠰᠣᠳᠤᠯᠵᠤ᠂ ᠤᠷᠴᠢᠭᠤᠯᠭ᠎ᠠ ᠶᠢᠨ ᠦᠭᠡ ᠤᠨᠤᠭᠠᠯᠲᠠ ᠳ᠌ᠤ ᠯᠠᠪᠯᠠᠯᠲᠠ ᠪᠤᠯᠬᠤ ᠵᠢ ᠵᠤᠷᠢᠭᠰᠠᠨ ᠶᠣᠮ᠃ |
原文 |
查看原文
|
出自 |
内蒙古社会科学(蒙文版)
2021年
第4期
|