摘要 |
2007 ᠤᠨ ᠪᠤᠯ ᠤᠩᠨᠢᠭᠤᠳ ᠠᠢ᠌ᠮᠠᠭ ᠤᠨ ᠬᠤᠰᠢᠭᠤ ᠬᠤᠪᠢᠶᠠᠷᠢᠯᠠᠭᠳᠠᠭᠰᠠᠨ 370ᠵᠢᠯ ᠤᠨ ᠤᠢ ᠪᠤᠯᠤᠨ᠎ᠠ᠃ 370ᠵᠢᠯ ᠤᠨ ᠡᠮᠤᠨ᠎ᠡ᠂ ᠴᠢᠩ ᠤᠯᠤᠰ ᠤᠨ ᠳᠡᠭᠷᠢ ᠶᠢᠨ ᠰᠡᠴᠡᠨ ᠦ ᠵᠢᠷᠭᠤᠳᠤᠭᠠᠷ ᠤᠨ(1632ᠤᠨ) ᠳᠤ ᠤᠩᠨᠢᠭᠤᠳ ᠠᠢ᠌ᠮᠠᠭ ᠤᠨ ᠰᠦᠨ ᠲᠦᠭᠦᠷᠡᠩ᠂ᠲᠦᠩ ᠳᠠᠢ᠌ᠴᠢᠩ ᠠᠬ᠎ᠠ ᠳᠡᠭᠦᠦ ᠬᠤᠶᠠᠭᠤᠯᠠ ᠴᠠᠬᠠᠷ ᠤᠨ ᠯᠢᠭᠳᠡᠨ ᠬᠠᠭᠠᠨ ᠡᠴᠡ ᠰᠠᠯᠵᠤ ᠬᠤᠢ᠌ᠳᠤ ᠠᠯᠲᠠᠨ ᠤᠯᠤᠰ ᠢ ᠳᠠᠭᠠᠰᠠᠨᠠ1636ᠤᠨ ᠳᠤ ᠬᠤᠸᠠᠩ ᠲᠠᠢ᠌ᠵᠢ ᠡᠴᠡ ᠭᠠᠳᠠᠭᠠᠳᠤ ᠮᠣᠩᠭᠣᠯ ᠤᠨ ᠤᠯᠠᠨ ᠨᠤᠶᠠᠳ ᠲᠠᠢ᠌ᠵᠢ ᠨᠠᠷ ᠲᠠᠢ ᠬᠤᠪᠢᠲᠠᠨ ᠠᠭᠤᠯᠵᠠᠬᠤ ᠵᠡᠷᠭᠡ ᠬᠡᠷᠬᠢᠮ ᠱᠠᠩᠨᠠᠨ᠂ ᠭᠠᠵᠠᠷ ᠨᠤᠲᠤᠭ ᠵᠢᠭᠠᠵᠤ ᠬᠤᠰᠢᠭᠤ ᠬᠤᠪᠢᠶᠠᠷᠢᠯᠠᠭᠰᠠᠨ ᠪᠠᠢ᠌ᠨ᠎ᠠ᠃ᠤᠩᠨᠢᠭᠤᠳ ᠠᠢ᠌ᠮᠠᠭ ᠤᠨ ᠠᠬᠠᠯᠠᠭᠴᠢ ᠰᠦᠨ ᠲᠦᠭᠦᠷᠡᠩ ᠳᠤ ᠵᠠᠰᠠᠭ ᠲᠦᠷᠦ ᠶᠢᠨ ᠲᠦᠭᠦᠷᠡᠩ ᠵᠢᠶᠦ᠋ᠨ ᠸᠠᠩ ᠴᠤᠯᠠ ᠱᠠᠩᠨᠠᠵᠤ᠂ ᠤᠩᠨᠢᠭᠤᠳ ᠪᠠᠷᠠᠭᠤᠨ ᠬᠤᠰᠢᠭᠤ ᠶᠢ ᠵᠠᠬᠢᠷᠤᠭᠤᠯᠤᠨ ᠂ ᠬᠤᠰᠢᠭᠤᠨ ᠠᠷᠠᠳ ᠢ ᠬᠤᠷᠢᠨ ᠰᠤᠮᠤ ᠬᠤᠪᠢᠶᠠᠷᠢᠯᠠᠪᠠ᠃ ᠳᠡᠭᠦᠦ ᠲᠦᠩ ᠲᠠᠢ᠌ᠴᠢᠩ ᠳᠤᠨᠢ ᠲᠦᠷᠦ ᠶᠢᠨ ᠲᠠᠷᠬᠠᠨ ᠲᠠᠢ᠌ᠴᠢᠩ ᠴᠤᠯᠠ ᠱᠠᠩᠨᠠᠵᠤ᠂ ᠤᠩᠨᠢᠭᠤᠳ ᠵᠡᠭᠦᠨ ᠬᠤᠰᠢᠭᠤ ᠶᠢ ᠵᠠᠬᠢᠷᠤᠭᠤᠯᠤᠨ᠂ ᠬᠤᠰᠢᠭᠲᠤᠨ ᠠᠷᠠᠳ ᠢ ᠨᠢ ᠭᠤᠴᠢᠨ ᠨᠠᠢᠮᠠᠨ ᠰᠤᠮᠤ ᠬᠤᠪᠢᠶᠠᠪᠠ ᠂ ᠤᠩᠨᠢᠭᠤᠳ ᠤᠨ ᠵᠡᠭᠦᠨ ᠪᠠᠷᠠᠭᠤᠨ ᠬᠡᠮᠡᠬᠦ ᠨᠡᠷᠡᠢ᠌ᠳᠦᠯ ᠢᠩᠬᠢᠵᠦ ᠡᠬᠢᠯᠡᠭᠰᠡᠨ ᠪᠠᠢ᠌ᠨ᠎ᠠ᠃ |