摘要 |
ᠤᠷᠠᠨ ᠵᠤᠬᠢᠶᠠᠯ ᠪᠤᠯ ᠬᠡᠯᠡᠨ ᠦ ᠤᠷᠠᠯᠢᠭ ᠮᠦᠷᠳᠡᠭᠡᠨ ᠨᠤᠳᠤᠭ ᠤᠨ ᠠᠶᠠᠯᠭᠤ ᠪᠤᠯ ᠤᠷᠠᠨ ᠵᠤᠬᠢᠶᠠᠯ ᠤᠨ ᠬᠡᠯᠡᠨ ᠳᠡᠬᠢ ᠬᠡᠯᠡᠨ ᠦ ᠤᠷᠠᠯᠢᠭ ᠢ ᠢᠯᠡᠳᠬᠡᠬᠦ ᠤᠷᠤᠨ ᠨᠤᠳᠤᠭ ᠤᠨ ᠬᠡᠯᠡᠬᠦᠢ ᠶᠢᠨ ᠦᠢᠯᠡ ᠠᠵᠢᠯᠯᠠᠭ᠎ᠠ ᠮᠦᠨ᠃ ᠡᠢ᠌ᠮᠦ ᠡᠴᠡ ᠨᠤᠳᠤᠭ ᠤᠨ ᠠᠶᠠᠯᠭᠤ ᠶᠢ ᠤᠷᠤ ᠳᠠᠰᠤ ᠦᠬᠡᠢ᠌ᠰᠬᠡᠬᠦ ᠪᠤᠶᠤ ᠨᠤᠳᠤᠭ ᠤᠨ ᠠᠶᠠᠯᠭᠤ ᠶᠢ ᠪᠦᠷᠢᠮᠦᠰᠦᠨ ᠪᠠᠷᠢᠮᠵᠢᠶ ᠡ ᠠᠪᠢᠶ ᠠ ᠪᠡᠷ ᠤᠷᠤᠯᠠᠭᠤᠯᠬᠤ ᠪᠤᠶᠤ ᠪᠢᠴᠢᠭ᠌ ᠤᠨ ᠬᠡᠯᠡ ᠪᠠᠷ ᠲᠦᠯᠡᠬᠡᠯᠡᠬᠦ ᠬᠡᠬᠦ ᠦᠵᠡᠭᠳᠡᠯ ᠪᠤᠯ ᠬᠡᠨᠡᠨ ᠠᠵᠢᠯᠯᠠᠭ᠎ᠠ ᠪᠤᠯᠤᠨ᠎ᠠ᠃ ᠪᠢᠲᠠ ᠠᠷᠠᠳ ᠨᠡᠢ᠌ᠳᠡ ᠶᠢᠨ ᠬᠡᠯᠡ ᠪᠡ ᠪᠠᠷᠢᠮᠵᠢᠶ ᠠ ᠶᠢ ᠴᠢᠬᠤᠯᠠᠴᠢᠯᠠᠵᠤ ᠦᠵᠡᠬᠦ ᠪᠠᠷ ᠪᠠᠷᠠᠬᠤ ᠦᠬᠡᠢ᠂ ᠨᠤᠳᠤᠭ ᠤᠨᠠᠶᠠᠯᠭᠤ ᠪᠤᠯ ᠨᠢᠭᠡ ᠦᠨᠳᠦᠰᠦᠲᠡᠨ ᠦ ᠰᠤᠶᠤᠯ ᠤᠨ ᠦᠵᠡᠭᠳᠡᠯ ᠢ ᠨᠡᠯᠢᠶᠠᠳ ᠪᠦᠷᠢᠨ ᠬᠠᠳᠠᠭᠠᠯᠠᠵᠤ ᠪᠠᠢ᠌ᠭ᠎ᠠ ᠬᠡᠯᠡᠬᠦᠢ ᠶᠢᠨ ᠤᠷᠤᠨ ᠨᠤᠳᠤᠭ ᠤᠨ ᠬᠡᠯᠪᠡᠷᠢ ᠬᠡᠳᠡᠭ ᠢ ᠲᠠᠨᠢᠬᠤ ᠬᠡᠷᠡᠭᠳᠡᠢ᠃ |