摘要 |
13-17ᠳ᠋ᠤᠭᠠᠷ ᠵᠠᠭᠤᠨ ᠬᠦᠷᠲᠡᠯᠡᠬᠢ ᠬᠡᠳᠦᠨ ᠵᠠᠭᠤᠭᠠᠳ ᠵᠢᠯ ᠤᠨ ᠬᠤᠭᠤᠴᠠᠭᠠᠨ ᠳ᠋ᠤ《ᠮᠣᠩᠭᠤᠯ ᠢ ᠢᠤᠢ》 ᠲᠦᠷᠦᠭᠦᠲᠡᠢ ᠬᠢᠲᠠᠳ ᠦᠰᠦᠭ ᠢᠢᠡᠷ ᠮᠣᠩᠭᠤᠯ ᠦᠭᠡ ᠵᠢ ᠠᠪᠢᠶᠠᠴᠢᠯᠠᠨ ᠲᠡᠮᠳᠡᠭᠯᠡᠭᠰᠡᠨ《 ᠢ ᠢᠤᠢ》《译语》ᠭᠡᠭᠴᠢ ᠨᠡᠷ ᠠ ᠲᠠᠢ ᠨᠢᠭ ᠡᠲᠦᠷᠦᠯ ᠵᠦᠢᠯ ᠬᠤᠪᠢᠶᠠᠭᠰᠠᠨ ᠮᠣᠩᠭᠤᠯ ᠬᠡᠯᠡᠨ ᠤ ᠦᠨᠳᠦᠰᠦᠨ ᠦᠭᠡᠰ ᠤᠨ ᠡᠮᠬᠢᠳᠭᠡᠯ ᠤᠨ ᠰᠢᠵᠢ ᠪᠦᠬᠦᠢ ᠲᠤᠯᠢ ᠪᠢᠴᠢᠭ ᠤᠳ ᠵᠤᠬᠢᠶᠠᠭᠳᠠᠵᠤ ᠪᠠᠢᠭᠰᠠᠨ ᠶᠣᠮ᠃《 ᠮᠣᠩᠭᠤᠯ ᠢ ᠢᠤᠢ》 ᠳ᠋ᠤ ᠲᠡᠮᠳᠡᠭᠯᠡᠭᠳᠡᠭᠰᠡᠨ 《迷速》ᠭᠡᠬᠦ ᠦᠭᠡ ᠵᠢ ᠠᠪᠢᠶ ᠠ ᠪᠤᠯᠤᠨ ᠤᠳᠬ ᠠ ᠶᠢᠨ ᠲᠠᠯ ᠠ ᠡᠴᠡ ᠨᠢ ᠨᠠᠷᠢᠪᠴᠢᠯᠠᠨ ᠰᠢᠨᠵᠢᠯᠡᠭᠰᠡᠨ ᠰᠠᠭᠤᠷᠢᠨ ᠲᠡᠭᠡᠷ ᠠ᠂ᠬᠡᠯᠡᠨ ᠤ ᠰᠢᠨᠵᠢᠯᠡᠯ ᠤᠨ ᠠᠷᠭ᠎ᠠ ᠪᠡᠷ ᠲᠤᠷᠠᠳᠤᠨ ᠪᠤᠢ ᠦᠭᠡ ᠶᠢᠨ ᠢᠷᠡᠯ ᠭᠠᠷᠤᠯ ᠤᠨ ᠲᠤᠬᠠᠢ ᠨᠢᠭᠲᠠᠯᠠᠨ ᠰᠣᠳᠤᠯᠤᠭᠰᠠᠨ ᠳ᠋ᠦᠩ ᠡᠴᠡ ᠦᠵᠡᠬᠦ ᠳ᠋ᠤ ᠡᠨᠡ ᠦᠭᠡ ᠪᠤᠯ ᠮᠠᠨᠵᠦ- ᠲᠦᠩᠬᠦᠰ ᠭᠠᠷᠤᠯᠲᠠᠢ ᠦᠭᠡ ᠮᠦᠨ᠃ |