| 题名 |
ᠬᠢᠲᠠᠳ ᠤᠷᠠᠨ ᠵᠤᠬᠢᠶᠠᠯ ᠤᠨ ᠪᠦᠲᠦᠭᠡᠯ ᠢ ᠮᠣᠩᠭᠤᠯ ᠢᠢᠡᠷ ᠣᠷᠴᠢᠭᠤᠯᠬᠤ ᠠᠰᠠᠭᠤᠳᠠᠯ ᠳ᠋ᠤ |
| 作者 |
ᠲᠤᠩᠭᠠᠯᠠᠭ |
| 关键词 |
ᠤᠷᠠᠨ ᠵᠤᠬᠢᠶᠠᠯ ᠤᠨ ᠣᠷᠴᠢᠭᠤᠯᠭ᠎ᠠ;ᠰᠣᠶᠡᠤᠯ ᠤᠨ ᠲᠤᠲᠠᠭᠤᠳᠠᠯ; 《 ᠮᠡᠨᠡᠭᠡᠢ》 |
| 摘要 |
ᠦᠨᠳᠦᠰᠦᠲᠡᠨ ᠨᠣᠭᠦᠳ ᠠᠳᠠᠯᠢ ᠪᠤᠰᠤ ᠬᠡᠯᠡᠨ ᠤ ᠲᠦᠷᠢᠮᠵᠢᠯ᠂ ᠰᠡᠳᠬᠢᠬᠦᠢ ᠶᠢᠨ ᠬᠡᠯᠪᠡᠷᠢ᠂ ᠲᠡᠦᠭᠡ ᠰᠣᠶᠣᠯ ᠲᠠᠢ ᠪᠠᠢᠳᠠᠭ ᠲᠤᠯᠠ ᠦᠨᠳᠦᠰᠦᠲᠡᠨ ᠤ ᠤᠨᠴᠠᠯᠢᠭ ᠪᠦᠬᠦᠢ ᠢᠯᠡᠳᠭᠡᠬᠦ ᠬᠡᠯᠪᠡᠷᠢ ᠨᠢ ᠤᠷᠠᠨ ᠵᠤᠬᠢᠶᠠᠯ ᠤᠨ ᠤᠷᠴᠢᠭᠤᠯᠭ᠎ᠠ ᠳ᠋ᠤ《 ᠰᠣᠶᠣᠯ ᠤᠨ ᠲᠤᠲᠠᠭᠤᠳᠠᠯ》 ᠭᠠᠷᠭᠠᠳᠠᠭ ᠶᠣᠮ᠃ ᠤᠷᠠᠨ ᠵᠤᠬᠢᠶᠠᠯ ᠤᠨ ᠤᠷᠴᠢᠭᠤᠯᠭ᠎ᠠ ᠵᠢ ᠲᠦᠭᠦᠮᠭᠡᠨ ᠢᠢᠡᠷ ᠦᠭᠡ ᠶᠢᠨ ᠤᠳᠬ ᠠ ᠶᠢᠨ ᠲᠡᠩᠴᠡᠯ ᠢ ᠦᠬᠦᠮᠡᠯ ᠢᠢᠡᠷ ᠬᠦᠭᠡᠭᠡᠴᠡᠯᠳᠦᠬᠦ ᠪᠢᠠᠢ᠂ ᠬᠠᠷᠢᠨ ᠴᠠᠭᠠᠰᠢᠲᠠ ᠦᠭᠡ ᠶᠢᠨ ᠤᠳᠬ ᠠ ᠶᠢᠨ ᠢᠷᠡᠯᠲᠡ᠂ ᠤᠷᠠᠨ ᠵᠤᠬᠢᠶᠠᠯ ᠳ᠋ᠤ ᠬᠡᠷᠡᠭᠯᠡᠭᠳᠡᠭᠰᠡᠨ ᠠᠬᠤᠢ ᠪᠠᠢᠳᠠᠯ ᠵᠡᠷᠭᠡ ᠵᠢ ᠪᠦᠷᠢᠮᠦᠰᠦᠨ ᠤᠢᠯᠠᠭᠠᠵᠤ᠂ ᠬᠡᠯᠡ ᠰᠡᠳᠬᠢᠬᠦᠢ᠂ ᠰᠣᠶᠣᠯ᠂ ᠲᠡᠦᠭᠡ ᠵᠡᠷᠭᠡ ᠤᠯᠠᠨ ᠲᠠᠯ ᠠ ᠶᠢᠨ ᠢᠯᠭᠠᠭ᠎ᠠ ᠵᠦᠷᠢᠶ ᠠ ᠵᠢ ᠨᠠᠷᠢᠪᠴᠢᠯᠠᠨ ᠰᠢᠨᠵᠢᠯᠡᠵᠦ ᠤᠷᠴᠢᠭᠤᠯᠪᠠᠯ ᠵᠤᠬᠢᠨ᠎ᠠ᠃ ᠮᠦᠨ ᠡᠨᠡ ᠰᠠᠭᠤᠷᠢᠨ ᠲᠡᠭᠡᠷ ᠠ ᠪᠠᠨ ᠤᠭ ᠵᠤᠬᠢᠶᠠᠯ ᠤᠨ ᠬᠡᠯᠡᠨ ᠳ᠋ᠡᠬᠢ ᠰᠣᠶᠣᠯ ᠤᠨ ᠠᠭᠤᠯᠤᠭᠳᠠᠬᠤᠨ ᠢ ᠬᠦᠢᠴᠡᠳ ᠮᠦᠷᠲᠡᠭᠡᠨ ᠤᠨᠤᠪᠴᠢᠲᠠᠢ ᠲᠠᠮᠵᠢᠭᠤᠯᠵᠤ 《 ᠰᠣᠶᠣᠯ ᠤᠨ ᠲᠤᠲᠠᠭᠤᠳᠠᠯ》 ᠢ ᠪᠠᠭᠠᠰᠬᠠᠨ᠂ ᠤᠷᠴᠢᠭᠤᠯᠭ᠎ᠠ ᠶᠢᠨ ᠦᠨᠳᠦᠰᠦᠨ ᠵᠤᠷᠢᠯᠭ᠎ᠠ ᠳ᠋ᠤ ᠬᠦᠷᠪᠡᠯ ᠵᠤᠬᠢᠨ᠎ᠠ᠃ |
| 原文 |
查看原文
|
| 出自 |
中国蒙古学
2020年
第5期
|