摘要 |
ᠮᠣᠩᠭᠯᠤ ᠮᠤᠷᠢ ᠪᠤᠯ ᠮᠣᠩᠭᠤᠯ ᠦᠨᠳᠦᠰᠦᠲᠡᠨ ᠤ ᠭᠡᠷᠡᠯ ᠰᠠᠴᠤᠷᠠᠩᠭᠤᠢ ᠰᠣᠶᠣᠯ ᠤᠨ ᠴᠢᠬᠤᠯᠠ ᠪᠦᠷᠢᠯᠳᠦᠬᠦᠨ ᠡᠯᠸᠮᠸᠨ᠋ᠲ ᠮᠦᠨ᠂ ᠪᠠᠰᠠ ᠴᠤ ᠮᠣᠩᠭᠤᠯ ᠦᠨᠳᠦᠰᠦᠲᠡᠨ ᠤ ᠡᠯᠪᠡᠭ ᠪᠠᠶᠠᠯᠢᠭ ᠰᠣᠶᠣᠯ ᠤᠨ ᠡᠷᠳᠡᠨᠢᠰ ᠤᠨ ᠡᠬᠢ ᠪᠤᠯᠠᠭ ᠮᠦᠨ᠃ ᠮᠣᠩᠭᠤᠯ ᠮᠤᠷᠢᠨ ᠤ ᠲᠠᠰᠪᠦᠷᠢ ᠲᠠᠭᠠᠭᠮᠠᠭᠠᠢ ᠰᠢᠨᠳᠠᠷᠠᠰᠢ ᠦᠭᠡᠢ ᠬᠠᠳᠠᠨ ᠵᠤᠷᠢᠭ᠂ ᠮᠤᠬᠤᠰᠢ ᠦᠭᠡᠢ ᠬᠦᠴᠦᠨ ᠲᠠᠢ ᠡᠷᠡᠯᠭᠡᠭ ᠪᠠᠭᠠᠲᠤᠷᠯᠢᠭ ᠰᠦᠷ ᠵᠢᠪᠬᠤᠭ᠎ᠠ᠂ ᠡᠪ ᠪᠦᠯᠬᠦᠮᠳᠡᠯ ᠲᠠᠢ᠂ ᠡᠯᠪᠡᠷᠢᠯ ᠮᠡᠳᠡᠯ ᠲᠠᠢ ᠵᠠᠩ ᠰᠤᠷᠲᠠᠯ᠂ ᠦᠨᠡᠨᠴᠢ ᠰᠢᠳᠤᠷᠭᠤ ᠴᠢᠩ ᠵᠢᠷᠤᠮ᠂ ᠨᠤᠲᠤᠭᠰᠠᠭ ᠬᠠᠯᠠᠭᠤᠨ ᠡᠢᠯᠭᠡᠨ ᠬᠠᠢᠷ ᠠ᠂ ᠬᠦᠴᠢᠷ ᠪᠡᠷᠭᠡᠰᠢᠶᠡᠯ ᠢ ᠲᠠᠪᠠᠵᠤ᠂ ᠴᠣᠴᠠᠯᠲᠠᠢ ᠦᠭᠡᠢ ᠤᠷᠤᠭᠰᠢᠯᠠᠨ᠂ ᠵᠤᠷᠢᠭᠰᠠᠨ ᠳ᠋ᠤ ᠪᠠᠨ ᠵᠠᠪᠠᠯ ᠬᠦᠷᠬᠦ ᠰᠦᠰᠦ ᠵᠤᠷᠢᠭ ᠨᠢ ᠴᠦᠮ ᠮᠣᠩᠭᠤᠯ ᠮᠡᠷᠢᠨ ᠤ ᠵᠤᠷᠢᠭ ᠰᠠᠨᠠᠭᠠᠨ ᠤ ᠪᠠᠶᠠᠯᠢᠭ ᠠᠭᠤᠯᠬᠤᠨ ᠳ᠋ᠤ ᠪᠠᠭᠲᠠᠭᠳᠠᠠᠠ᠃ |