摘要 |
ᠺᠢᠶᠠᠨ ᠭᠡᠳᠡᠭ ᠦᠭᠡ ᠨᠢ ᠺᠢᠶᠠᠨ᠂ ᠽᠠᠩᠳᠠ᠂ ᠷᠦᠩ ᠳ᠋ᠢ᠂ ᠬᠤᠩᠭᠤᠷ ᠲᠶᠦ᠋ᠺ( ᠲᠦᠷᠭᠦᠳ) ᠮᠣᠩᠭᠤᠯ ᠬᠡᠮᠡᠬᠦ ᠤᠯᠠᠨ ᠲᠡᠦᠭᠡᠲᠦ ᠡᠷᠢᠨ ᠢ ᠰᠤᠨᠳᠠᠯᠠᠭᠰᠠᠨ ᠭᠠᠢᠮᠠᠠᠠᠮᠰᠢᠭᠲᠤ ᠰᠠᠢᠬᠠᠨ ᠮᠣᠩᠭᠤᠯ ᠨᠡᠷ ᠠ ᠦᠭᠡ ᠪᠠᠢᠭᠰᠠᠨ ᠠᠵᠢ᠃ ᠲᠡᠭᠦᠨ ᠤ ᠬᠤᠪᠢᠷᠠᠯ ᠬᠦᠭᠵᠢᠯ ᠤᠨ ᠶᠠᠪᠤᠴᠠ ᠭᠡᠪᠡᠯ《ᠺᠠᠨ- ᠺᠢᠶᠠᠨ- ᠺᠸ ᠬᠠᠨ(ᠺᠠᠭᠠᠨ)ᠬᠠᠭᠠᠨ( ᠬᠠᠨ)》 ᠭᠡᠬᠦ ᠤᠯᠠᠨ ᠬᠡᠯᠪᠡᠷᠢ ᠪᠡᠷ ᠤᠯᠠᠮᠵᠢᠯᠠᠭᠳᠠᠵᠤ ᠢᠷᠡᠭᠰᠡᠨ ᠪᠦᠭᠡᠳ ᠡᠭᠦᠨ ᠤ ᠲᠤᠮᠲᠠ《 ᠬᠠᠨ》ᠭᠡᠰᠡᠨ ᠦᠭᠡ ᠨᠢ 《 ᠬᠠᠭᠠᠨ》 ᠭᠡᠰᠡᠨᠦᠭᠡ ᠡᠴᠡ ᠢᠯᠭᠠᠭ᠎ᠠ ᠲᠠᠢ ᠪᠤᠯᠵᠤ ᠬᠦᠭᠵᠢᠭᠰᠡᠨ ᠪᠠᠢᠨ᠎ᠠ᠃ ᠡᠳᠡᠭᠡᠷ ᠨᠢ ᠮᠣᠩᠭᠤᠯᠴᠤᠳ ᠪᠤᠯ ᠡᠷᠲᠡ ᠤᠵᠤᠭᠤᠷ ᠡᠴᠡ ᠠᠪᠤᠭᠠᠳ ᠦᠪᠡᠷ ᠤᠨ ᠢᠢᠡᠨ ᠲᠦᠷᠦ ᠭᠦᠷᠦᠨ ᠲᠠᠢ᠂ ᠤᠷᠲᠤ ᠤᠳᠠᠭᠠᠨ ᠡᠯᠪᠡᠭ ᠪᠠᠶᠠᠯᠢᠭ᠂ ᠭᠡᠷᠡᠯ ᠰᠠᠴᠤᠷᠠᠩᠭᠤᠢ ᠰᠣᠶᠣᠯ ᠲᠡᠦᠭᠡ ᠲᠠᠢ᠂ ᠰᠡᠴᠡᠨ ᠰᠡᠷᠭᠦᠯᠡᠩ᠂ ᠡᠷᠡᠯᠭᠡᠭ ᠪᠠᠭᠠᠲᠤᠷᠯᠢᠭ᠂ ᠴᠦᠬᠦᠷᠡᠰᠢ ᠦᠭᠡᠢ ᠲᠡᠮᠡᠴᠯ ᠤᠨ ᠵᠤᠷᠢᠭ ᠰᠠᠨᠠᠭ᠎ᠠ ᠲᠠᠢ ᠦᠨᠳᠦᠰᠦᠲᠡᠨ ᠪᠤᠯᠬᠤ ᠵᠢ ᠬᠠᠷᠠᠭᠤᠯᠵᠤ ᠪᠤᠢ᠃ |