论文信息


题名 《ᠡᠪᠡᠰᠦ ᠨᠠᠪᠴᠢ ᠶᠢᠨ ᠲᠡᠭᠦᠪᠦᠷᠢ》 ᠵᠢ ᠮᠣᠩᠭᠤᠯᠴᠢᠠᠯᠭᠰᠠᠨ ᠠᠷᠭ᠎ᠠ ᠵᠦᠢ  ᠶᠢᠨ ᠰᠢᠨᠵᠢᠯᠡᠯ
作者 ᠬᠤᠩ ᠭᠸ; ᠰᠤᠷᠭᠠᠯᠲᠤ
关键词 《ᠡᠪᠡᠰᠦ ᠨᠠᠪᠴᠢ ᠶᠢᠨ ᠲᠡᠭᠦᠪᠦᠷᠢ》; ᠮᠣᠩᠭᠤᠯ ᠤᠷᠴᠢᠭᠤᠯᠭ᠎ᠠ; ᠠᠷᠭ᠎ᠠ ᠵᠦᠢ
摘要 ᠤᠷᠴᠢᠭᠤᠯᠭ᠎ᠠ ᠶᠢᠨ ᠤᠬᠠᠭᠠᠨ ᠪᠤᠯ ᠬᠠᠷᠢᠴᠠᠭᠤᠯᠤᠭᠰᠠᠨ ᠤᠳᠬ ᠠ ᠵᠤᠬᠢᠶᠠᠯ ᠤᠨ ᠴᠢᠬᠤᠯᠠ ᠨᠢᠭᠡᠨ ᠰᠣᠳᠤᠯᠭᠠᠨ ᠤ ᠰᠠᠯᠪᠤᠷᠢ ᠪᠤᠯᠤᠨ᠎ᠠ᠃ ᠲᠡᠷᠡ ᠨᠢ ᠬᠠᠷᠢᠴᠠᠭᠤᠯᠤᠯ ᠤᠨ ᠬᠠᠷᠠᠭᠠᠨ ᠡᠴᠡ ᠡᠭᠦᠰᠴᠦ ᠬᠤᠶᠠᠷ ᠬᠡᠯᠡᠨ ᠤ ᠤᠳᠬ ᠠ ᠵᠤᠬᠢᠶᠠᠯ ᠤᠨ ᠬᠤᠭᠤᠷᠤᠨᠳᠤᠬᠢ ᠬᠠᠷᠢᠴᠠᠭ᠎ᠠ ᠵᠢ ᠰᠣᠳᠤᠯᠳᠠᠭ ᠰᠢᠨᠵᠢᠯᠡᠭᠡᠨ ᠤ ᠰᠠᠯᠠᠭ᠎ᠠ ᠪᠦᠭᠡᠳ ᠡᠨᠡ ᠬᠦ ᠰᠢᠨᠵᠢᠯᠡᠭᠡ ᠨᠢ ᠵᠠᠪᠠᠯ ᠦᠨᠳᠦᠰᠦᠲᠡᠨ ᠠᠯᠤᠰᠯᠠᠭᠰᠠᠨ᠂ ᠰᠣᠶᠣᠯ ᠠᠯᠤᠰᠯᠠᠭᠰᠠᠨ᠂ ᠬᠡᠯᠡ ᠠᠯᠤᠰᠯᠠᠭᠰᠠᠨ᠂ ᠰᠢᠨᠵᠢᠯᠡᠭᠡᠨ ᠤ ᠰᠠᠯᠠᠭ᠎ᠠ ᠠᠯᠤᠰᠯᠠᠭᠰᠠᠨ ᠪᠠᠢᠥᠬᠤ ᠭᠡᠷᠡᠭᠲᠡᠢ᠃ ᠬᠠᠷᠢᠴᠠᠭᠤᠯᠤᠭᠰᠠᠨ ᠤᠳᠬ ᠠ ᠵᠤᠬᠢᠶᠠᠯ ᠳ᠋ᠡᠬᠢ ᠣᠷᠴᠢᠭᠤᠯᠭ᠎ᠠ ᠶᠢᠨ ᠤᠬᠠᠭᠠᠨ ᠨᠢ ᠤᠯᠤᠰ ᠤᠨ ᠤᠳᠬ ᠠ ᠵᠤᠬᠢᠶᠠᠯ ᠪᠤᠯᠤᠨ ᠲᠡᠯᠡᠬᠡᠢ ᠶᠢᠨ ᠤᠳᠬ ᠠ ᠵᠤᠬᠢᠶᠠᠯ ᠤᠨ ᠬᠤᠭᠤᠷᠤᠨᠳᠤᠬᠢ ᠰᠣᠯᠢᠯᠴᠠᠭ᠎ᠠ ᠪᠡᠷ ᠰᠠᠭᠤᠷᠢ ᠪᠤᠯᠭᠠᠳᠠᠭ᠃ ᠡᠨᠡ ᠬᠦ ᠤᠳᠬ ᠠ ᠵᠤᠬᠢᠶᠠᠯ ᠤᠨ ᠰᠣᠯᠢᠯᠴᠠᠭᠠᠨ ᠤ ᠲᠤᠮᠳᠠ ᠤᠷᠴᠢᠭᠤᠯᠭ᠎ᠠ ᠶᠢᠨᠪᠦᠲᠦᠭᠡᠯ ᠨᠢ ᠦᠭᠡᠷ ᠠ ᠪᠤᠰᠤᠳ ᠤᠯᠤᠰ ᠤᠨ ᠤᠳᠬ ᠠ ᠵᠤᠬᠢᠶᠠᠯ ᠳ᠋ᠤ ᠶᠠᠮᠠᠷ ᠨᠦᠯᠦᠭᠡ ᠦᠵᠡᠭᠦᠯᠦᠭᠰᠡᠨ  ᠢ ᠰᠣᠳᠤᠯᠬᠤ ᠶᠢᠨ ᠬᠠᠮᠲᠤ ᠪᠠᠰᠠ ᠣᠷᠴᠢᠭᠤᠯᠭ᠎ᠠ ᠶᠢᠨ ᠠᠷᠭ᠎ᠠ ᠮᠠᠶᠢᠭ ᠢ ᠴᠦ ᠰᠣᠳᠤᠯᠳᠠᠭ᠃ ᠠᠷᠲᠠᠢ ᠪᠡᠷ ᠸᠸᠢᠢᠲ᠋ᠮᠠᠨ ᠤ《 ᠡᠪᠡᠰᠦ ᠨᠠᠪᠴᠢ ᠶᠢᠨ ᠲᠡᠭᠦᠪᠦᠷᠢ》 ᠵᠢ ᠤᠷᠴᠢᠭᠤᠯᠬᠤ ᠳ᠋ᠠᠭᠠᠨ ᠰᠢᠭᠤᠳ ᠤᠷᠴᠢᠭᠤᠯᠬᠠ ᠠᠷᠭ᠎ᠠ ᠪᠤᠯᠤᠨ ᠤᠳᠬᠠᠴᠢᠯᠠᠨ ᠤᠷᠴᠢᠭᠤᠯᠬᠤ ᠠᠷᠭ᠎ᠠ ᠵᠢ ᠬᠡᠷᠡᠭᠯᠡᠭᠰᠡᠨ ᠡᠴᠡ ᠭᠠᠳᠠᠨ᠎ᠠ ᠪᠠᠰᠠ ᠬᠠᠷᠢᠴᠠᠭᠤᠯᠤᠭᠰᠠᠨ ᠤᠳᠬ ᠠ ᠵᠤᠬᠢᠶᠠᠯ ᠤᠨ ᠰᠠᠯᠪᠤᠷᠢ ᠳ᠋ᠡᠬᠢ ᠤᠷᠴᠢᠭᠤᠯᠭ᠎ᠠ ᠶᠢᠨ ᠤᠬᠠᠭᠠᠨ ᠤ ᠢᠵᠢᠯᠢᠰᠢᠬᠦᠯᠦᠯ ᠤᠨ ᠠᠷᠭ᠎ᠠ ᠪᠤᠯᠤᠨ ᠤᠨᠳᠤᠤᠰᠢᠯ ᠤᠨ ᠠᠷᠭ᠎ᠠ ᠵᠢ ᠬᠡᠷᠡᠭᠯᠡᠭᠰᠡᠨ ᠪᠠᠢᠨ᠎ᠠ᠃
原文 查看原文
出自 中国蒙古学 2020年 第4期

联系我们


内蒙古大学图书馆
呼和浩特市大学西路235号
中国·内蒙古
P: (0471) 4992561
E: huangfeilong@imu.edu.cn