题名 |
ᠲᠠᠭᠤᠷᠢ ᠤᠷᠠᠯᠭ ᠤᠨ ᠶᠡᠬᠡ ᠪᠠᠭᠰᠢ ᠫᠠᠵᠠᠢ ᠪᠤᠯᠤᠨ ᠠᠯᠳᠠᠷᠲᠤ ᠰᠢᠯᠦᠭᠴᠢ ᠨ ᠰᠠᠢᠰᠢᠶᠠᠯᠲᠤ ᠶᠢᠨ ᠨᠠᠨᠳᠢᠨ ᠬᠠᠮᠵᠢᠯᠴᠠᠭ᠎ᠠ ᠵᠢ ᠲᠡᠮᠳᠡᠭᠯᠡᠬᠦ ᠨᠢ |
作者 |
ᠮ᠂ ᠪᠠᠶᠠᠰᠬᠤᠯᠠᠩ |
关键词 |
ᠫᠠᠵᠠᠢ; ᠨ᠂ᠰᠢᠠᠰᠢᠶᠠᠯᠲᠤ; ᠦᠨᠨᠡᠴᠢ ᠨᠦᠬᠦᠷᠯᠡᠯ; ᠢᠲᠡᠭᠡᠯ ᠨᠠᠢᠲᠠᠪᠤᠷᠢ; ᠦᠯᠢᠭᠡᠷᠲᠦ ᠨᠡᠢᠷᠠᠭᠯᠠᠯ《ᠬᠦᠷᠡᠯᠪᠠᠭᠠᠲᠤᠷ》 |
摘要 |
ᠦᠯᠢᠭᠡᠷᠲᠦ ᠨᠠᠢᠷᠠᠭᠯᠠᠯ《 ᠬᠦᠷᠡᠯᠪᠠᠭᠠᠲᠤᠷ》 ᠪᠤᠯ ᠲᠠᠭᠤᠷᠢ ᠤᠷᠠᠯᠢᠭ ᠤᠨ ᠶᠡᠬᠡ ᠪᠠᠭᠰᠢ᠂ ᠠᠪᠤᠷᠭᠤ ᠬᠤᠭᠤᠷᠴᠢ ᠫᠠᠵᠠᠢ ᠪᠤᠯᠤᠨ ᠠᠯᠳᠠᠷᠲᠤ ᠰᠢᠯᠦᠭᠴᠢ ᠂ ᠡᠷᠳᠡᠮᠲᠡᠨ ᠨ᠂ ᠰᠠᠢᠰᠢᠶᠠᠯᠲᠤ ᠬᠤᠶᠠᠷ ᠤᠨ ᠭᠦᠨ ᠵᠤᠵᠠᠭᠠᠨ ᠨᠦᠭᠦᠷᠯᠡᠯ ᠤᠨ ᠪᠦᠲᠦᠭᠡᠭᠳᠡᠬᠦᠨ᠂ ᠮᠣᠩᠭᠤᠯ ᠰᠣᠶᠣᠯ ᠳ᠋ᠤ ᠨᠡᠮᠡᠷᠢᠯᠡᠭᠰᠡᠨ ᠨᠢᠭᠡᠨ ᠦᠨᠡᠳᠦ ᠪᠦᠲᠦᠭᠡᠯ ᠪᠤᠯᠤᠨ᠎ᠠ᠃ ᠮᠦᠨ ᠴᠦ ᠠᠯᠳᠠᠷᠲᠤ ᠰᠢᠯᠦᠭᠴᠢ ᠨ᠂ ᠰᠠᠢᠰᠢᠶᠠᠯᠲᠤ ᠶᠢᠨᠨᠠᠶᠠᠨ ᠲᠠᠪᠤᠨ ᠨᠠᠰᠤᠨ ᠤ ᠲᠤᠷᠠᠰᠬᠠᠯ᠂ ᠴᠤᠭ ᠰᠦᠯᠲᠡ ᠶᠢᠨ ᠬᠢᠯᠪᠠᠭ᠎ᠠ᠂ ᠰᠢᠷᠭᠠᠭᠤ ᠴᠢᠷᠮᠠᠢᠯᠭ᠎ᠠ ᠶᠢᠨ ᠬᠢᠨᠢ ᠦᠷ ᠠ ᠪᠦᠲᠦᠭᠡᠭᠳᠡᠭᠦᠨ ᠪᠤᠯᠤᠨ᠎ᠠ᠃ ᠰᠤᠷᠪᠤᠯᠵᠢᠯᠠᠭ᠎ᠠ ᠪᠡᠷ ᠲᠠᠮᠵᠢᠵᠤ ᠠᠪᠤᠷᠭᠤ ᠬᠤᠭᠤᠷᠴᠢ ᠫᠠᠵᠠᠢ ᠪᠤᠯᠤᠨ ᠠᠯᠳᠠᠷᠲᠤ ᠰᠢᠯᠦᠭᠴᠢ ᠨ᠂ᠰᠠᠢᠰᠢᠶᠠᠯᠲᠤ ᠬᠤᠶᠠᠷ ᠤᠨ ᠬᠠᠷᠢᠴᠠᠭ᠎ᠠ᠂ ᠰᠢᠯᠦᠭ ᠨᠠᠢᠷᠠᠭᠯᠠᠯ ᠤᠨ ᠬᠠᠮᠵᠢᠯᠴᠠᠭ᠎ᠠ᠂ ᠫᠠᠵᠠᠢ ᠶᠢᠨ ᠨᠡᠢᠳᠠᠵᠤ ᠦᠯᠡᠳᠡᠭᠡᠭᠰᠡᠨ ᠦᠯᠢᠭᠡᠷᠲᠦ ᠨᠠᠢᠷᠠᠭᠯᠠᠯ 《ᠬᠦᠷᠡᠯᠪᠠᠭᠠᠲᠤᠷ》 ᠢ50 ᠭᠠᠷᠤᠢ ᠵᠢᠯ ᠬᠢᠮᠠᠭᠠᠳᠠᠨ ᠬᠠᠳᠠᠭᠠᠯᠠᠵᠤ᠂ ᠵᠠᠰᠠᠵᠤ ᠡᠮᠬᠢᠳᠭᠡᠨ ᠬᠡᠪᠯᠡᠭᠦᠯᠦᠭᠰᠡᠨ ᠶᠠᠪᠤᠴᠠ ᠪᠡᠷ ᠲᠠᠮᠵᠢᠨ ᠠᠬᠠᠮᠠᠳ ᠦᠶ ᠠ ᠶᠢᠨ ᠤᠳᠬ ᠠ ᠤᠷᠠᠯᠢᠭᠴᠢᠳ ᠤᠨ ᠦᠨᠡᠨᠴᠢ ᠨᠦᠬᠦᠷᠯᠡᠯ᠂ ᠢᠲᠡᠭᠡᠯ ᠨᠠᠢᠳᠠᠪᠤᠷᠢ ᠶᠢᠨ ᠦᠨᠡᠨ ᠵᠦᠪ ᠶᠠᠪᠤᠴᠠ ᠵᠢ ᠨᠢ ᠤᠢᠠᠯᠭᠠᠨ ᠮᠡᠳᠡᠵᠦ᠂ ᠲᠡᠮᠳᠡᠭᠯᠡᠨ ᠦᠯᠡᠳᠡᠭᠡᠬᠦ ᠵᠢ ᠵᠤᠷᠢᠪᠠ᠃ |
原文 |
查看原文
|
出自 |
中国蒙古学
2020年
第3期
|