题名 |
ᠬᠠᠭᠤᠷᠮᠠᠭ ᠮᠠᠨᠵᠤ ᠤᠯᠤᠰ ᠤᠨ ᠦᠶ ᠠ ᠶᠢᠨ 《ᠮᠣᠩᠭᠤᠯ ᠤᠨ ᠠᠮᠠᠨ ᠪᠡᠷ ᠤᠯᠠᠮᠵᠢᠯᠠᠭᠳᠠᠭᠰᠠᠭᠠᠷ ᠢᠷᠡᠭᠰᠡᠨ ᠪᠠᠭ᠎ᠠ ᠦᠯᠢᠭᠡᠷ ᠤᠨ ᠡᠯᠳᠡᠪ ᠢᠢᠡᠷ ᠦᠭᠡᠷᠡᠳᠡᠭᠰᠡᠨ ᠦᠯᠢᠳᠭᠡᠯ》 ᠭᠡᠬᠦ ᠵᠣᠬᠢᠶᠠᠯ ᠳ᠋ᠤ ᠬᠤᠯᠪᠤᠭᠳᠠᠬᠤ ᠵᠠᠷᠢᠮ ᠠᠰᠠᠭᠤᠳᠠᠯ ᠳ᠋ᠤ |
作者 |
ᠳ᠂ ᠲᠠᠶᠠ |
关键词 |
ᠬᠠᠭᠤᠷᠮᠠᠭ ᠮᠠᠨᠵᠤ ᠤᠯᠤᠰ; ᠤᠷᠠᠨ ᠵᠣᠬᠢᠶᠠᠯ; 《 ᠶᠡᠬᠡ ᠬᠦᠭᠡ ᠲᠤᠭ》 |
摘要 |
ᠬᠠᠭᠤᠷᠮᠠᠭ ᠮᠠᠨᠵᠤ ᠤᠯᠤᠰ ᠤᠨ ᠦᠶ ᠠ ᠶᠢᠨ《ᠶᠡᠬᠡ ᠬᠦᠭᠡ ᠲᠤᠭ》ᠭᠡᠬᠦ ᠰᠡᠳᠬᠦᠯ ᠳ᠋ᠤ ᠨᠡᠢᠲᠡᠯᠡᠭᠳᠡᠭᠰᠡᠨ 《 ᠮᠣᠩᠭᠤᠯ ᠤᠨ ᠠᠮᠠ ᠪᠡᠷ ᠤᠯᠠᠮᠵᠢᠯᠠᠭᠳᠠᠭᠰᠠᠭᠠᠷ ᠢᠷᠡᠭᠰᠡᠨ ᠪᠠᠭ᠎ᠠ ᠦᠯᠢᠭᠡᠷ ᠤᠨ ᠡᠯᠳᠡᠪ ᠢᠢᠡᠷ ᠦᠭᠡᠷᠳᠡᠭᠰᠡᠨ ᠦᠯᠢᠳᠭᠡᠯ》ᠭᠡᠬᠦ ᠨᠢᠭᠡᠨ ᠵᠤᠬᠢᠶᠠᠯ ᠳ᠋ᠤ ᠵᠤᠬᠢᠶᠠᠭᠴᠢ ᠡᠴᠡ《 ᠰᠣᠶᠣᠯ ᠤᠨ ᠬᠤᠪᠢᠰᠤᠯ ᠤᠨ ᠤᠨᠤᠯ》《 ᠭᠠᠳᠠᠭᠠᠲᠤ ᠡᠴᠡ ᠵᠢᠭᠡᠯᠡᠭᠰᠡᠨ ᠦᠵᠡᠯ ᠤᠨ ᠪᠦᠯᠦᠭᠲᠡᠨ ᠤ ᠤᠨᠤᠯ》 ᠵᠢᠴᠢ ᠦᠵᠡᠯ ᠤᠬᠠᠮᠰᠠᠷ ᠤᠨ ᠬᠡᠯᠪᠡᠷᠢ ᠶᠢᠨ ᠰᠣᠳᠤᠯᠤᠯ ᠵᠡᠷᠭᠡ ᠤᠨᠤᠯ ᠠᠷᠭ᠎ᠠ ᠪᠡᠷ ᠮᠣᠩᠭᠤᠯ ᠤᠷᠤᠨ ᠪᠠ ᠶᠠᠫᠤᠨ ᠤᠯᠤᠰ ᠲᠤ ᠲᠡᠯᠭᠡᠷᠡᠭᠰᠡ ᠢᠵᠢᠯᠢ ᠠᠭᠤᠯᠭ᠎ᠠ ᠬᠡᠯᠪᠡᠷᠢ ᠪᠦᠬᠦᠢ ᠦᠯᠢᠭᠡᠷ ᠤᠨ ᠢᠷᠡᠯ ᠭᠠᠷᠤᠯ᠂ ᠤᠯᠠᠷᠢᠯ ᠬᠤᠪᠢᠰᠤᠯ ᠤᠨ ᠰᠢᠯᠲᠠᠭᠠᠨ ᠵᠢᠴᠢ ᠲᠡᠭᠦᠨ ᠤ ᠦᠵᠡᠯ ᠤᠬᠠᠮᠰᠠᠷ ᠤᠨ ᠬᠡᠯᠪᠡᠷᠢ ᠳ᠋ᠡᠬᠢ ᠠᠴᠢ ᠬᠤᠯᠪᠤᠭᠳᠠᠯ ᠵᠡᠷᠭᠡ ᠵᠢ ᠬᠠᠷᠢᠴᠠᠭᠤᠯᠤᠨ ᠰᠢᠨᠵᠢᠯᠡᠬᠦ ᠪᠡᠷᠲᠠᠮᠵᠢᠭᠤᠯᠵᠤ ᠲᠤᠬᠠᠢ ᠶᠢᠨ ᠦᠶ ᠠ ᠶᠢᠨ ᠶᠠᠫᠤᠨ ᠪᠤᠶᠤ《 ᠬᠠᠭᠤᠮᠷᠠᠭ ᠮᠠᠵᠤ ᠤᠯᠤᠰ》 ᠤᠨ ᠵᠡᠬᠦᠨ 《ᠠᠽᠢᠶ ᠠ ᠶᠢᠨ ᠬᠠᠮᠳᠤᠪᠠᠷ ᠲᠡᠭᠵᠢᠬᠦ ᠴᠠᠭᠠᠷᠢᠭ》 ᠤᠨ ᠪᠤᠳᠤᠯᠭ᠎ᠠ ᠳ᠋ᠤ ᠦᠢᠯᠡᠴᠢᠯᠡᠬᠦᠯᠬᠦ ᠭᠡᠰᠡᠨ ᠪᠠᠢᠪᠠ᠃ ᠡᠢᠮᠦ ᠡᠴᠡ ᠲᠤᠰ ᠵᠠᠬᠢᠶᠠᠯ ᠨᠢ 《 ᠠᠷᠠᠳ ᠤᠨ ᠠᠮᠠᠨ ᠵᠤᠬᠢᠶᠠᠯ ᠤᠨ ᠡᠮᠬᠢᠳᠭᠡᠯ》 ᠪᠢᠰᠢ᠂ ᠬᠠᠷᠢᠨ ᠮᠣᠩᠭᠤᠯ ᠶᠠᠫᠤᠨ ᠶᠠᠪᠠᠭᠠᠨ ᠦᠯᠢᠭᠡᠷ ᠤᠨ ᠡᠭᠦᠰᠦᠯ ᠬᠦᠭᠵᠢᠯ᠂ ᠤᠯᠠᠷᠢᠯ ᠬᠤᠪᠢᠰᠤᠯ ᠵᠢᠴᠢ ᠲᠡᠬᠦᠨ ᠤ ᠦᠢᠯᠡᠳᠦᠯ ᠴᠢᠳᠠᠪᠬᠢ ᠶᠢᠨ ᠲᠤᠬᠠᠢ ᠰᠢᠨᠵᠢᠯᠡᠭᠰᠡᠨ ᠦᠭᠦᠯᠡᠯ ᠪᠠᠢᠵᠠᠢ᠃ |
原文 |
查看原文
|
出自 |
中国蒙古学
2019年
第6期
|