| 题名 |
ᠰ᠂ ᠡᠷᠳᠡᠨᠢ ᠶᠢᠨ ᠤᠶᠠᠩᠭ᠍ ᠠ ᠰᠡᠳᠬᠢᠯ ᠵᠦᠢ ᠶᠢᠨ ᠦᠭᠦᠯᠡᠯᠭᠡ ᠶᠢᠨ ᠬᠦᠦᠷᠨᠢᠯ ᠤᠨ ᠤᠨᠴᠠᠯᠢᠭ ᠤᠨ ᠲᠤᠬᠠᠢ |
| 作者 |
ᠬᠠᠰᠬᠦᠦ |
| 关键词 |
ᠰ᠂ ᠡᠷᠳᠡᠨᠢ; ᠤᠶᠩᠭ᠍ ᠠ ᠰᠡᠳᠬᠢᠯ ᠵᠦᠢ ᠶᠢᠨ ᠦᠭᠦᠯᠡᠯᠭᠡ; ᠬᠦᠦᠷᠨᠢᠯ |
| 摘要 |
ᠬᠤᠷᠢᠳᠤᠭᠠᠷ ᠵᠠᠭᠤᠨ ᠤ ᠲᠤᠮᠳᠠᠴᠢ ᠪᠡᠷ ᠠᠩᠬ ᠠ ᠲᠤᠷᠠᠳᠤᠭᠳᠠᠭᠰᠠᠨ ᠬᠦᠦᠷᠨᠢᠯ ᠵᠦᠢ ᠨᠢ ᠦᠨᠡᠨ ᠳ᠋ᠡᠭᠡᠨ ᠵᠤᠬᠢᠶᠠᠯᠴᠢ ᠶᠢᠨ ᠶᠠᠷᠢᠬᠤ ᠭᠡᠵᠦ ᠪᠠᠢᠭ᠎ᠠ《ᠦᠯᠢᠭᠡᠷ》 ᠢᠢᠡᠨ ᠬᠡᠷᠬᠢᠨ ᠵᠠᠬᠢᠶᠠᠮᠵᠢᠯᠠᠵᠤ ᠲᠤᠬᠢᠷᠠᠭᠤᠯᠬᠤ ᠶᠠᠪᠤᠳᠠᠯ ᠮᠦᠨ᠃ ᠤᠶᠠᠩᠭ᠍ ᠠ ᠰᠡᠳᠬᠢᠯ ᠵᠦᠢ ᠶᠢᠨ ᠦᠭᠦᠯᠡᠯ ᠭᠡᠨᠢ ᠵᠤᠬᠢᠶᠠᠯ ᠤᠨ ᠲᠦᠷᠢ ᠶᠢᠨ ᠳᠤᠲᠤᠭᠠᠲᠤ ᠰᠡᠳᠬᠢᠯ ᠳ᠋ᠤ ᠨᠡᠪᠲᠡᠷᠡᠨ᠂ ᠤᠩᠰᠢᠭᠴᠢ᠂ ᠵᠤᠬᠢᠶᠠᠭᠴᠢ᠂ ᠵᠤᠬᠢᠶᠠᠯ ᠤᠨ ᠲᠦᠷᠢ ᠭᠤᠷᠪᠠ ᠶᠢᠨ ᠭᠤᠷᠮᠤᠰᠤᠨ ᠨᠢᠭᠡᠳᠦᠯ ᠢ ᠪᠡᠶᠡᠯᠡᠬᠦᠯᠳᠡᠭ ᠡᠣᠨᠴᠠᠯᠢᠭ ᠲᠠᠢ ᠪᠠᠢᠳᠠᠭ ᠡᠴᠡ ᠬᠦᠦᠷᠨᠢᠯ ᠨᠢ ᠴᠦ ᠦᠪᠡᠷᠮᠢᠴᠡ ᠪᠠᠢᠳᠠᠭ᠃ ᠦᠭᠦᠯᠡᠯ ᠳ᠋ᠤ ᠮᠣᠩᠭᠤᠯ ᠤᠯᠤᠰ ᠤᠨ ᠲᠦᠷᠦ ᠶᠢᠨ ᠱᠠᠩᠨᠠᠯᠲᠤ ᠠᠷᠠᠳ ᠤᠨ ᠤᠷᠠᠨ ᠵᠤᠬᠢᠶᠠᠯᠴᠢ᠂ ᠤᠶᠠᠩᠭ᠍ ᠠ ᠶᠢᠨ ᠦᠭᠦᠯᠡᠯᠭᠡ ᠶᠢᠨ ᠮᠠᠰᠲ᠋ᠸᠷ ᠰᠡᠩᠭᠡ ᠶᠢᠨ ᠡᠷᠳᠡᠨᠢ ᠶᠢᠨ ᠤᠶᠠᠩᠭ᠍ ᠠ ᠰᠡᠳᠬᠢᠯ ᠵᠦᠢ ᠶᠢᠨ ᠦᠭᠦᠯᠡᠯᠭᠡ ᠶᠢᠨ ᠬᠦᠦᠷᠨᠢᠯ ᠤᠨ ᠣᠨᠴᠠᠯᠢᠭ ᠢ ᠬᠦᠦᠷᠨᠢᠯ ᠤᠨ ᠬᠠᠷᠭᠠᠰᠤ᠂ ᠬᠦᠦᠷᠨᠢᠯ ᠢ ᠬᠦᠦᠷᠨᠢᠭ᠍ᠴᠢ᠂ ᠬᠦᠦᠷᠨᠢᠯ ᠢ ᠬᠦᠯᠶᠠᠨ ᠠᠪᠤᠭᠴᠢ ᠭᠡᠰᠡᠨ ᠭᠤᠷᠪᠠᠨ ᠬᠡᠰᠡᠭ ᠲᠤ ᠵᠠᠳᠠᠯᠬᠤ ᠣᠴᠠᠯᠢᠭ ᠢ ᠨᠢ ᠰᠢᠨᠵᠢᠯᠡᠬᠦ ᠪᠤᠯᠤᠨ᠎ᠠ᠃ |
| 原文 |
没有原文
|
| 出自 |
内蒙古社会科学(蒙文版)
2019年
第5期
|