论文信息


题名 ᠬᠠᠷᠠᠴᠢᠨ — ᠬᠤᠷᠴᠢᠨ ᠠᠶᠠᠯᠭᠤ ᠶᠢ ᠦᠭᠦᠯᠡᠬᠦ ᠨᠢ
作者 ᠪ‍᠂ ᠰᠤᠳᠤ
关键词 ᠬᠠᠷᠠᠴᠢᠨ — ᠬᠤᠷᠴᠢᠨ ᠠᠶᠠᠯᠭᠤ; ᠬᠦᠮᠦᠨ ᠠᠮᠠ ᠶᠢᠨ ᠨᠡᠭᠦᠳᠡᠯᠡᠯᠲᠡ; ᠬᠡᠯᠡᠨ ᠦ ᠣᠢ᠌ᠷᠠᠳᠤᠯᠴᠠᠭ᠎ᠠ; ᠲᠠᠷᠢᠶᠠᠯᠠᠬᠤ ᠰᠤᠶᠤᠯ
摘要 ᠬᠡᠯᠡᠨ ᠦ ᠪᠦᠲᠦᠴᠡ ᠲᠤᠭᠲᠠᠯᠴᠠᠭᠠᠨ ᠤ ᠣᠨᠴᠠᠯᠢᠭ ᠪᠠ ᠠᠶᠠᠯᠭᠤᠨ ᠤ ᠰᠤᠶᠤᠯ ᠤᠨ ᠠᠮᠢ ᠠᠬᠤᠢ ᠶᠢᠨ ᠡᠲᠡᠭᠡᠳ ᠰᠢᠨᠵᠢ ᠡᠴᠡ ᠠᠪᠴᠤ ᠦᠵᠡᠪᠡᠯ᠂ ᠬᠠᠷᠠᠴᠢᠨ᠂ ᠬᠤᠷᠴᠢᠨ ᠬᠤᠶᠠᠷ ᠠᠮᠠᠨ ᠠᠶᠠᠯᠭᠤ ᠨᠢ ᠨᠡᠢ᠌ᠯᠡᠭᠡᠳ ᠨᠢᠭᠡᠨ ᠪᠡᠶ᠎ᠡ ᠪᠡᠨ ᠳᠠᠭᠠᠭᠠᠭᠰᠠᠨ ᠨᠤᠲᠤᠭ ᠤᠨ ᠠᠶᠠᠯᠭᠤ ᠪᠤᠯᠵᠤ ᠪᠦᠷᠢᠯᠳᠦᠭᠰᠡᠨ ᠭᠡᠵᠦ ᠦᠵᠡᠵᠦ ᠪᠤᠯᠤᠨ᠎ᠠ᠃ ᠡᠭᠦᠨ ᠢ ᠪᠢᠳᠡ ᠬᠠᠷᠠᠴᠢᠨ — ᠬᠤᠷᠴᠢᠨ ᠠᠶᠠᠯᠭᠤ ᠬᠡᠮᠡᠨ ᠨᠷᠡᠯᠡᠶ᠎ᠡ᠃ ᠬᠠᠷᠠᠴᠢᠨ — ᠬᠤᠷᠴᠢᠨ ᠠᠶᠠᠯᠭᠤ ᠨᠢ ᠳᠤᠮᠳᠠᠳᠤ ᠤᠯᠤᠰ ᠤᠨ ᠮᠣᠩ᠋ᠭᠤᠯ ᠬᠡᠯᠡᠨ ᠦ ᠨᠢᠭᠡᠨ ᠨᠤᠲᠤᠭ ᠤᠨ ᠠᠶᠠᠯᠭᠤ ᠪᠤᠯᠤᠭᠰᠠᠨ ᠤ ᠬᠤᠪᠢ ᠳᠤ᠂ ᠣᠢ᠌ᠷ᠎ᠠ ᠦᠶ᠎ᠡ ᠶᠢᠨ ᠲᠡᠦᠬᠡᠨ ᠳᠡᠭᠡᠷᠡᠬᠢ ᠬᠦᠮᠦᠨ ᠠᠮᠠ ᠶᠢᠨ ᠨᠡᠭᠦᠳᠡᠯᠡᠯᠲᠡ ᠪᠡ ᠲᠠᠷᠢᠶᠠᠯᠠᠬᠤ ᠰᠤᠶᠤᠯ ᠤᠨ ᠪᠦᠷᠢᠯᠳᠦᠯ ᠵᠢᠴᠢ ᠬᠠᠷᠠᠴᠢᠨ ᠠᠮᠠᠨ ᠠᠶᠠᠯᠭᠤ ᠪᠤᠯᠤᠨ ᠬᠤᠷᠴᠢᠨ ᠠᠮᠠᠨ ᠠᠶᠠᠯᠭᠤᠨ ᠤ ᠨᠡᠪᠴᠢᠯᠴᠡᠭᠡ ᠬᠢᠭᠡᠳ ᠬᠢᠲᠠᠳ ᠬᠡᠯᠡᠨ ᠦ ᠨᠦᠯᠦᠭᠡᠯᠡᠯ ᠦᠨ ᠦᠷ᠎ᠡ ᠳ᠋ᠦᠩ ᠳᠦ ᠪᠦᠷᠢᠯᠳᠦᠭᠰᠡᠨ ᠶᠤᠮ᠃ ᠬᠠᠷᠠᠴᠢᠨ — ᠬᠤᠷᠴᠢᠨ ᠠᠶᠠᠯᠭᠤ ᠨᠢ ᠭᠤᠤᠯᠳᠠᠭᠤ ᠦᠭᠡᠰ ᠦᠨ ᠰᠠᠩ ᠤᠨ ᠲᠠᠯ᠎ᠠ ᠪᠠᠷ ᠮᠣᠩ᠋ᠭᠤᠯ ᠬᠡᠯᠡᠨ ᠦ ᠪᠤᠰᠤᠳ ᠨᠤᠲᠤᠭ ᠤᠨ ᠠᠶᠠᠯᠭᠤᠨ ᠠᠴᠠ ᠲᠤᠳᠤᠷᠬᠠᠢ ᠢᠯᠭᠠᠭᠳᠠᠬᠤ ᠶᠢᠨ ᠳᠠᠭᠠᠤ ᠬᠡᠯᠡᠨ ᠦ ᠠᠮᠢ ᠠᠬᠤᠢ ᠶᠢᠨ ᠲᠠᠯ᠎ᠠ ᠪᠠᠷ ᠦᠪᠡᠷ ᠦᠨ ᠣᠨᠴᠠᠯᠢᠭ ᠪᠦᠬᠦᠢ ᠰᠢᠨᠵᠢ ᠶᠢ ᠢᠯᠡᠷᠡᠭᠦᠯᠵᠦ᠂ ᠲᠤᠰ ᠠᠶᠠᠯᠭᠤᠨ ᠤ ᠣᠷᠤᠨ ᠤ ᠨᠡᠯᠢᠶᠡᠳ ᠭᠠᠵᠠᠷ ᠣᠷᠤᠨ ᠳᠤ ᠮᠣᠩ᠋ᠭᠤᠯ ᠬᠡᠯᠡ ᠦᠷᠭᠦᠯᠵᠢᠯᠡᠨ ᠬᠠᠳᠠᠭᠠᠯᠠᠭᠳᠠᠵᠤ ᠬᠦᠭ᠍ᠵᠢᠬᠦ ᠨᠦᠬᠦᠴᠡᠯ ᠪᠠᠢ᠌ᠭᠰᠠᠭᠠᠷ ᠶᠤᠮ᠃
原文 查看原文
出自 中国蒙古学 2013年 第3期

联系我们


内蒙古大学图书馆
呼和浩特市大学西路235号
中国·内蒙古
P: (0471) 4992561
E: huangfeilong@imu.edu.cn