题名 |
ᠮᠤᠩᠭᠤᠯ ᠠᠩᠭ᠍ᠯᠢ ᠬᠡᠯᠡᠨ ᠤ ᠨᠠᠷ᠎ᠡ ᠦᠭᠡ ᠶᠢᠨ ᠲᠤᠭᠠᠨ ᠤ ᠠᠢ ᠶᠢᠨ ᠬᠤᠪᠢᠷᠠᠯ ᠤᠨ ᠲᠤᠬᠠᠢ ᠬᠠᠷᠢᠴᠠᠭᠤᠯᠤᠯ |
作者 |
ᠤᠳᠤᠨ |
关键词 |
ᠮᠤᠩᠭᠤᠯ ᠬᠡᠯᠡ; ᠠᠩᠭ᠍ᠯᠢ ᠬᠡᠯᠡ; ᠲᠤᠭᠠᠨ ᠤ ᠠᠢ ᠶᠢᠨ ᠬᠤᠪᠢᠷᠡᠯ |
摘要 |
ᠮᠤᠩᠭᠤᠯ ᠬᠡᠯᠡ ᠪᠤᠯ ᠠᠯᠳᠠᠢ ᠢᠵᠠᠭᠤᠷ ᠬᠡᠯᠡᠨ ᠳᠤ ᠪᠠᠭᠳᠠᠵᠦ᠂ᠠᠩᠭ᠍ᠯᠢ ᠬᠡᠯᠡ ᠨᠢ ᠡᠨᠡᠳᠭᠡᠭ ᠡᠸᠦ᠋ᠷᠦᠫᠡ ᠢᠵᠠᠭᠤᠷ ᠬᠡᠯᠡᠨ ᠳᠤ ᠪᠠᠭᠳᠠᠨ᠎ᠠ᠃ ᠮᠤᠩᠭᠤᠯ ᠬᠡᠯᠡ ᠪᠤᠯ ᠵᠠᠯᠭᠠᠮᠠᠯ ᠰᠢᠨᠵᠢ ᠲᠠᠢ᠂ ᠠᠩᠭ᠍ᠯᠢ ᠬᠡᠯᠡ ᠪᠤᠯ ᠵᠠᠳᠠᠯᠤᠭ ᠰᠢᠨᠵᠢ ᠲᠠᠢ ᠶᠤᠮ᠃ ᠮᠤᠩᠭᠤᠯ᠂ ᠠᠩᠭ᠍ᠯᠢ ᠬᠡᠯᠡ ᠬᠡᠳᠤᠢᠪᠠᠷ ᠬᠤᠶᠠᠷ ᠲᠦᠷᠦᠯ ᠤᠨ ᠢᠵᠠᠭᠤᠷ ᠭᠠᠷᠤᠯ ᠲᠠᠢ ᠬᠡᠯᠡ ᠪᠤᠯᠪᠠᠴᠦ ᠮᠤᠩᠭᠤᠯ ᠦᠰᠦᠭ ᠪᠡ ᠠᠩᠭ᠍ᠯᠢ ᠦᠰᠦᠭ ᠨᠢ ᠴᠦᠮ ᠠᠪᠢᠶᠠᠨ ᠤ ᠦᠰᠦᠭ ᠪᠤᠯᠬᠤᠷ ᠠᠪᠢᠶᠠᠴᠢᠯᠡᠨ ᠪᠢᠴᠢᠳᠡᠭ᠃ᠦᠭᠡ ᠪᠦᠳᠤᠭᠡᠬᠦ ᠠᠷᠭ᠎ᠠ ᠵᠠᠷᠭᠡ ᠠᠪᠢᠶᠠᠨ ᠵᠦᠢ᠂ ᠦᠭᠡ ᠵᠦᠢ ᠪᠤᠯᠤᠨ ᠦᠭᠡᠰ ᠤᠨ ᠰᠠᠩ ᠤᠨ ᠠᠢ ᠳᠤ ᠤᠯᠠᠨ ᠠᠷᠪᠢᠨ ᠠᠳᠠᠯᠢᠪᠳᠤᠷ ᠲᠠᠯ᠎ᠠ ᠪᠠᠢᠳᠠᠭ᠃ ᠡᠳᠡᠭᠡᠷ ᠠᠳᠠᠯᠢᠪᠳᠤᠷ ᠲᠠᠯ᠎ᠠ ᠨᠢ ᠠᠩᠭ᠍ᠯᠢ ᠬᠡᠯᠡ ᠰᠤᠷᠬᠤ ᠶᠠᠪᠤᠴᠠ ᠳᠤ ᠢᠳᠡᠪᠬᠢ ᠦᠢᠯᠡᠳᠤᠯ ᠦᠵᠡᠬᠦᠯᠳᠡᠭ᠃ ᠦᠬᠦᠯᠡᠯ ᠳᠤ ᠮᠤᠩᠭᠤᠯ ᠬᠡᠯᠡ ᠪᠠ ᠠᠩᠭ᠍ᠯᠢ ᠬᠡᠯᠡᠨ ᠤ ᠨᠠᠷ᠎ᠡ ᠦᠭᠡ ᠶᠢᠨ ᠲᠤᠭᠠᠨ ᠤ ᠠᠢ ᠶᠢᠨ ᠬᠤᠪᠢᠷᠠᠯ ᠤᠨ ᠬᠡᠯᠡᠨ ᠤ ᠵᠦᠢ ᠶᠢᠨ ᠤᠨᠴᠠᠯᠢᠭ ᠰᠢᠨᠵᠢ᠂ ᠲᠤᠭᠠᠨ ᠤ ᠲᠠᠭᠠᠪᠤᠷᠢ ᠶᠢᠨ ᠬᠡᠷᠡᠭᠯᠡᠭᠳᠡᠬᠦ ᠦᠨᠳᠤᠰᠤᠨ ᠲᠦᠷᠢᠮ ᠤᠨ ᠲᠤᠬᠠᠢ ᠰᠢᠨᠵᠢᠯᠡᠵᠦ᠂ ᠬᠤᠶᠠᠷ ᠬᠡᠯᠡᠨ ᠤ ᠢᠵᠢᠯᠢ ᠲᠠᠯ᠎ᠠ ᠪᠠ ᠢᠯᠭᠠᠭ᠎ᠠ ᠵᠦᠷᠢᠶ᠎ᠡ ᠵᠢ ᠬᠠᠷᠢᠴᠠᠭᠤᠯᠤᠨ ᠵᠠᠳᠠᠯᠵᠦ᠂ ᠰᠤᠷᠤᠭᠴᠢᠳ ᠤᠨ ᠠᠩᠭ᠍ᠯᠢ ᠬᠡᠯᠡ ᠰᠤᠷᠬᠤ ᠳᠤ ᠲᠡᠮᠵᠢᠯᠭᠡ ᠪᠤᠯᠬᠤ ᠵᠢ ᠬᠦᠰᠡᠭᠰᠡᠨ ᠪᠠᠢᠨ᠎ᠠ᠃ |
原文 |
查看原文
|
出自 |
中国蒙古学
2014年
第6期
|